ᠮᠣᠩᠭᠣᠯ ᠤᠨ ᠪᠤᠺᠰᠴᠢᠳ ᠲᠢᠪ ᠦᠨ ᠠᠪᠤᠷᠭᠤ ᠶᠢᠨ ᠹᠢᠨᠠᠯ ᠳᠤ ᠰᠢᠯᠭᠠᠷᠠᠯ᠎ᠠ | News.MN

ᠮᠣᠩᠭᠣᠯ ᠤᠨ ᠪᠤᠺᠰᠴᠢᠳ ᠲᠢᠪ ᠦᠨ ᠠᠪᠤᠷᠭᠤ ᠶᠢᠨ ᠹᠢᠨᠠᠯ ᠳᠤ ᠰᠢᠯᠭᠠᠷᠠᠯ᠎ᠠ

ᠮᠠᠨ ᠤ ᠤᠯᠤᠰ ᠲᠤ ᠵᠣᠬᠢᠶᠠᠨ ᠪᠠᠢᠭᠤᠯᠤᠭᠳᠠᠵᠤ ᠪᠤᠢ ᠰᠣᠨᠢᠷᠬᠠᠭᠴᠢᠳ ᠤᠨ ᠪᠣᠺᠰ ᠤᠨ ᠲᠢᠪ ᠦᠨ ᠠᠪᠤᠷᠭᠤ ᠰᠢᠯᠭᠠᠷᠠᠭᠤᠯᠬᠤ ᠲᠡᠮᠡᠴᠡᠭᠡᠨ ᠥᠨᠳᠥᠷᠯᠡᠬᠦ ᠱᠠᠲᠤᠨ ᠳᠤ ᠪᠠᠨ ᠣᠷᠣᠵᠤ᠂ ᠰᠢᠭᠰᠢᠭᠡ ᠲᠤᠯᠤᠭᠠᠨ ᠳᠤ ᠥᠷᠢᠰᠥᠯᠳᠥᠬᠦ ᠲᠠᠮᠢᠷᠴᠢᠳ ᠲᠣᠳᠣᠷᠠᠯ᠎ᠠ᠃

ᠡᠨᠡ ᠤᠳᠠᠭ᠎ᠠ ᠶᠢᠨ ᠲᠡᠮᠡᠴᠡᠭᠡᠨ ᠳᠦ ᠠᠽᠢᠶ᠎ᠠ ᠶᠢᠨ 26 ᠣᠷᠣᠨ ᠤ ᠰᠢᠯᠢᠳᠡᠭ ᠪᠤᠺᠰᠴᠢᠳ ᠣᠷᠣᠯᠴᠠᠵᠤ᠂ ᠡᠷᠡᠭᠲᠡᠢ᠂ ᠡᠮᠡᠭᠲᠡᠢ ᠨᠡᠢᠲᠡ 20 ᠵᠢᠩ ᠳᠦ ᠠᠪᠤᠷᠭᠤ ᠨᠤᠭᠤᠳ ᠢᠶᠠᠨ ᠲᠣᠳᠣᠷᠠᠭᠤᠯᠬᠤ ᠭᠡᠵᠦ ᠪᠠᠢᠨ᠎ᠠ᠃ ᠰᠢᠭᠰᠢᠭᠡ ᠱᠠᠲᠤᠨ ᠳᠤ 11 ᠤᠯᠤᠰ ᠤᠨ ᠲᠠᠮᠢᠷᠴᠢᠳ ᠠᠯᠲᠠᠨ ᠮᠧᠳᠠᠯ ᠤᠨ ᠲᠥᠯᠥᠭᠡ ᠥᠷᠢᠰᠦᠯᠳᠦᠬᠦ ᠪᠥᠭᠡᠳ ᠮᠣᠩᠭᠣᠯ ᠤᠯᠤᠰ ᠠᠴᠠ ᠬᠣᠶᠠᠷ ᠲᠠᠮᠢᠷᠴᠢᠨ ᠹᠢᠨᠠᠯ ᠳᠤ ᠰᠢᠯᠭᠠᠷᠠᠵᠠᠢ᠃

ᠲᠣᠳᠣᠷᠠᠭᠤᠯᠪᠠᠯ᠂ ᠡᠮᠡᠭᠲᠡᠢᠴᠦᠳ ᠦᠨ 48ᠺᠢᠯᠦᠭ᠍ᠷᠡᠮ ᠤᠨ ᠵᠢᠩ ᠳᠦ ᠡ᠊ ∙ ᠨᠣᠮᠤᠨᠳᠠᠷᠢ ᠸᠢᠶᠧᠲ᠋ᠨᠠᠮ ᠪᠣᠯᠤᠨ ᠬᠠᠰᠠᠭᠰᠲ᠋ᠠᠨ ᠤ ᠲᠠᠮᠢᠷᠴᠢᠳ ᠢ ᠢᠯᠠᠵᠤ᠂ ᠠᠪᠤᠷᠭᠤ ᠶᠢᠨ ᠲᠥᠯᠥᠭᠡ ᠡᠨᠡᠳᠬᠡᠭ ᠦᠨ ᠳᠡᠯᠡᠬᠡᠢ ᠶᠢᠨ ᠠᠪᠤᠷᠭᠤ ᠮᠢᠨᠠᠺᠰᠢ ᠬᠡᠦᠳᠠ ᠲᠠᠢ ᠲᠤᠯᠤᠯᠳᠤᠬᠤ ᠪᠠᠷ ᠪᠣᠯᠪᠠ᠃ ᠡᠷᠡᠭᠲᠡᠢᠴᠦᠳ ᠦᠨ 55 ᠺᠢᠯᠦᠭ᠍ᠷᠡᠮ ᠤᠨ ᠵᠢᠩ ᠳᠦ ᠬ ∙ ᠪᠢᠯᠢᠭᠦᠨᠰᠠᠢᠬᠠᠨ ᠶᠠᠫᠣᠨ ᠤ ᠪᠣᠺᠰᠴᠢᠨ ᠷᠤᠢ  ᠶᠠᠮᠠᠭᠦᠴᠢ ᠲᠠᠢ ᠠᠯᠲᠠᠨ ᠮᠧᠳᠠᠯ ᠤᠨ ᠲᠥᠯᠥᠭᠡ ᠥᠷᠢᠰᠦᠯᠳᠦᠨ᠎ᠡ᠃

ᠰᠡᠳᠬᠢᠭᠳᠡᠯ ᠦᠯᠡᠳᠡᠭᠡᠬᠦ