ᠭᠠᠨᠳᠠᠨᠳᠡᠭ᠍ᠴᠢᠯᠡᠨ ᠬᠡᠢᠢᠳ ᠦᠨ ᠲᠡᠷᠢᠭᠦᠨ ᠬᠠᠮᠪᠤ ᠶᠢᠨ ᠠᠵᠢᠯ ᠤᠨ ᠠᠯᠪᠠ 《ᠯᠠᠮᠠ ᠨᠠᠷ ᠢ ᠮᠡᠷᠭᠡᠰᠢᠭᠦᠯᠬᠦ᠂ ᠴᠢᠳᠠᠪᠬᠢᠵᠢᠭᠤᠯᠬᠤ》 ᠰᠤᠷᠭᠠᠯᠲᠠ ᠶᠢ ᠣᠷᠬᠣᠨ ᠠᠢᠮᠠᠭ ᠲᠤ ᠵᠣᠬᠢᠶᠠᠨ ᠪᠠᠢᠭᠤᠯᠵᠤ ᠪᠠᠢᠨ᠎ᠠ᠃ ᠥᠴᠥᠭᠡᠳᠦᠷ ᠡᠬᠢᠯᠡᠭᠰᠡᠨ ᠡᠨᠡ ᠰᠤᠷᠭᠠᠯᠲᠠ ᠨᠢ ᠠᠩᠬᠠᠨ ᠱᠠᠲᠤᠨ ᠤ ᠬᠥᠲᠥᠯᠪᠦᠷᠢ ᠶᠢᠨ ᠡᠬᠢᠨ ᠦ ᠬᠡᠰᠡᠭ ᠪᠥᠭᠡᠳ ᠰᠠᠨᠠᠭᠠᠴᠢᠯᠠᠭ᠎ᠠ ᠶᠢ ᠣᠷᠬᠣᠨ ᠠᠢᠮᠠᠭ ᠤᠨ ᠰᠦᠮ᠎ᠡ ᠬᠡᠢᠢᠳ ᠦᠳ ᠡᠴᠡ ᠭᠠᠷᠭᠠᠵᠠᠢ᠃
ᠰᠤᠷᠭᠠᠯᠲᠠ ᠢᠷᠡᠬᠦ 12 ᠤ ᠡᠳᠦᠷ ᠢ ᠬᠦᠷᠲᠡᠯ᠎ᠡ ᠵᠢᠷᠭᠠᠯᠠᠩᠲᠤ ᠰᠤᠮᠤ ᠶᠢᠨ《ᠡᠷᠳᠡᠮ ᠦᠨ ᠥᠷᠭᠥᠭᠡ》ᠰᠤᠷᠭᠠᠭᠤᠯᠢ ᠶᠢᠨ ᠤᠷᠠᠯᠢᠭ ᠤᠨ ᠲᠠᠩᠬᠢᠮ ᠳᠤ ᠪᠣᠯᠤᠨ᠎ᠠ᠃ ᠰᠤᠷᠭᠠᠯᠲᠠ ᠶᠢᠨ ᠡᠬᠢᠨ ᠦ ᠡᠳᠦᠷ ᠦᠨ ᠬᠢᠴᠢᠶᠡᠯ ᠢ ᠲᠡᠷᠢᠭᠦᠨ ᠬᠠᠮᠪᠤ ᠶᠢᠨ ᠠᠵᠢᠯ ᠤᠨ ᠠᠯᠪᠠᠨ ᠤ ᠭᠡᠰᠢᠭᠦᠨ᠂ ᠭᠠᠪᠵᠤ D ∙ ᠠᠯᠲᠠᠨᠱᠠᠭ᠎ᠠ ᠪᠤᠳ᠋ᠳ᠋ᠾᠠ ᠶᠢᠨ ᠭᠦᠨ ᠤᠬᠠᠭᠠᠨ–《ᠪᠣᠳᠢ ᠮᠥᠷ ᠦᠨ ᠵᠡᠷᠭᠡ》ᠰᠡᠳᠦᠪ ᠢᠶᠡᠷ ᠵᠢᠭᠠᠵᠤ᠂ ᠣᠷᠬᠣᠨ᠂ ᠪᠤᠯᠠᠭᠠᠨ᠂ ᠠᠷᠤᠬᠠᠩᠭᠠᠢ᠂ ᠳᠠᠷᠬᠠᠨ-ᠠᠭᠤᠯᠠ᠂ ᠰᠡᠯᠡᠩᠭᠡ ᠠᠢᠮᠠᠭ ᠤᠨ 60 ᠭᠠᠷᠤᠢ ᠯᠠᠮᠠ ᠣᠷᠣᠯᠴᠠᠵᠤ ᠪᠠᠢᠨ᠎ᠠ᠃



