446 ᠬᠡᠦᠬᠡᠳ ᠲᠡᠭᠡᠭᠡᠪᠦᠷᠢ ᠶᠢᠨ ᠬᠡᠷᠡᠭᠰᠡᠯ ᠵᠢᠯᠤᠭᠤᠳᠤᠭᠰᠠᠨ ᠵᠥᠷᠢᠴᠡᠯ ᠳᠤ ᠬᠣᠯᠪᠣᠭᠳᠠᠵᠠᠢ | News.MN

446 ᠬᠡᠦᠬᠡᠳ ᠲᠡᠭᠡᠭᠡᠪᠦᠷᠢ ᠶᠢᠨ ᠬᠡᠷᠡᠭᠰᠡᠯ ᠵᠢᠯᠤᠭᠤᠳᠤᠭᠰᠠᠨ ᠵᠥᠷᠢᠴᠡᠯ ᠳᠤ ᠬᠣᠯᠪᠣᠭᠳᠠᠵᠠᠢ

ᠵᠢᠯᠣᠭᠣᠳᠬᠤ ᠡᠷᠬᠡ ᠦᠭᠡᠢ ᠪᠡᠷ ᠲᠡᠭᠡᠭᠡᠪᠦᠷᠢ ᠶᠢᠨ ᠬᠡᠷᠡᠭᠰᠡᠯ ᠵᠢᠯᠤᠭᠤᠳᠤᠭᠰᠠᠨ ᠵᠥᠷᠢᠴᠡᠯ 2026 ᠣᠨ ᠤ ᠡᠬᠢᠨ ᠦ ᠭᠤᠷᠪᠠᠨ ᠰᠠᠷ᠎ᠠ ᠶᠢᠨ ᠪᠠᠢᠳᠠᠯ ᠢᠶᠠᠷ 446  ᠭᠠᠷᠴᠠᠢ᠃ ᠵᠥᠷᠢᠴᠡᠯ ᠦᠨ 141 ᠪᠤᠶᠤ 31.6 ᠬᠤᠪᠢ ᠨᠢ ᠨᠡᠢᠰᠯᠡᠯ ᠳᠦ᠂ 305 ᠪᠤᠶᠤ 68.4 ᠬᠤᠪᠢ ᠨᠢ ᠣᠷᠣᠨ ᠨᠤᠲᠤᠭ ᠲᠤ ᠪᠦᠷᠢᠳᠬᠡᠭᠳᠡᠭᠰᠡᠨ ᠪᠠᠢᠨ᠎ᠠ᠃ ᠵᠥᠷᠢᠴᠡᠯ ᠦᠨ ᠬᠣᠯᠪᠣᠭᠳᠠᠭᠴᠢ ᠶᠢᠨ 400 ᠪᠤᠶᠤ 89.7 ᠬᠤᠪᠢ ᠨᠢ ᠡᠷᠡᠭᠲᠡᠢ᠂ 46 ᠪᠤᠶᠤ 10.3 ᠬᠤᠪᠢ ᠨᠢ ᠡᠮᠡᠭᠲᠡᠢ᠂ ᠪᠣᠯᠪᠠᠰᠤᠷᠠᠯ ᠤᠨ ᠬᠤᠪᠢ ᠳᠤ 62.1 ᠬᠤᠪᠢ ᠨᠢ ᠪᠦᠷᠢᠨ ᠪᠤᠰᠤ ᠳᠤᠮᠳᠠ᠂ 30.5 ᠬᠤᠪᠢ ᠨᠢ ᠪᠦᠷᠢᠨ ᠳᠤᠮᠳᠠ᠂ 7.4 ᠬᠤᠪᠢ ᠨᠢ ᠪᠠᠭ᠎ᠠ ᠪᠠᠢᠨ᠎ᠠ᠃

《ᠵᠠᠮ ᠤᠨ ᠬᠥᠳᠡᠯᠭᠡᠭᠡᠨ ᠦ ᠠᠶᠤᠯᠭᠦᠢ ᠪᠠᠢᠳᠠᠯ ᠤᠨ ᠲᠤᠬᠠᠢ》ᠬᠠᠤᠯᠢ ᠳᠤ ᠵᠢᠭᠠᠭᠰᠠᠨ ᠢᠶᠠᠷ 18 ᠨᠠᠰᠤᠨ ᠳᠤ ᠬᠦᠷᠦᠭᠰᠡᠨ᠂ ᠲᠤᠬᠠᠢ ᠶᠢᠨ ᠠᠩᠭᠢᠯᠠᠯ ᠤᠨ ᠲᠡᠭᠡᠭᠡᠪᠦᠷᠢ ᠶᠢᠨ ᠬᠡᠷᠡᠭᠰᠡᠯ ᠵᠢᠯᠣᠭᠣᠳᠬᠤ ᠡᠷᠬᠡ ᠪᠦᠬᠦᠢ ᠰᠢᠯᠭᠠᠯᠲᠠ ᠳᠤ ᠲᠡᠩᠴᠡᠭᠰᠡᠨ ᠬᠥᠮᠥᠨ ᠳᠦ ᠵᠢᠯᠤᠭᠤᠳᠬᠤ ᠡᠷᠬᠡ ᠶᠢᠨ ᠦᠨᠡᠮᠯᠡᠬᠦ ᠣᠯᠭᠤᠭᠰᠠᠨ ᠢᠶᠠᠷ ᠲᠡᠭᠡᠭᠡᠪᠦᠷᠢ ᠶᠢᠨ ᠬᠡᠷᠡᠭᠰᠡᠯ ᠵᠢᠯᠣᠭᠣᠳᠤᠨ ᠬᠥᠳᠡᠯᠭᠡᠭᠡᠨ ᠳᠦ ᠤᠷᠤᠯᠴᠠᠬᠤ ᠡᠷᠬᠡ ᠲᠡᠢ ᠭᠡᠵᠦ ᠵᠢᠭᠠᠭᠰᠠᠨ ᠪᠠᠢᠳᠠᠭ᠃ ᠡᠢᠮᠦ ᠳᠦ ᠡᠴᠢᠭᠡ᠂ ᠡᠬᠡ᠂ ᠠᠰᠠᠷᠠᠨ ᠬᠠᠮᠠᠭᠠᠯᠠᠭᠴᠢᠳ ᠨᠠᠰᠤᠨ ᠳᠤ ᠬᠥᠷᠥᠭᠡᠳᠦᠢ ᠬᠡᠦᠬᠡᠳ ᠢ ᠲᠡᠭᠡᠭᠡᠪᠦᠷᠢ ᠶᠢᠨ ᠬᠡᠷᠡᠭᠰᠡᠯ ᠵᠢᠯᠣᠭᠣᠳᠬᠤ ᠨᠥᠬᠥᠴᠡᠯ ᠪᠣᠯᠤᠮᠵᠢ ᠶᠢ ᠪᠤᠢ ᠪᠣᠯᠭᠠᠬᠤ ᠦᠭᠡᠢ ᠪᠠᠢᠬᠤ᠂ ᠬᠡᠦᠬᠡᠳ ᠲᠦ ᠪᠡᠨ ᠲᠠᠯᠪᠢᠬᠤ ᠬᠠᠷᠢᠶ᠎ᠠ ᠬᠢᠨᠠᠯᠲᠠ ᠪᠠᠨ ᠰᠠᠢᠵᠢᠷᠠᠭᠤᠯᠬᠤ ᠶᠢ ᠬᠣᠯᠪᠣᠭᠳᠠᠬᠤ ᠠᠯᠪᠠᠨ ᠠᠴᠠ ᠠᠩᠬᠠᠷᠤᠭᠤᠯᠵᠤ ᠪᠠᠢᠨ᠎ᠠ᠃

ᠰᠡᠳᠬᠢᠭᠳᠡᠯ ᠦᠯᠡᠳᠡᠭᠡᠬᠦ