ᠰᠸᠢᠰ ᠤᠨ ᠬᠣᠯᠪᠤᠭᠠᠨ ᠤ ᠤᠯᠤᠰ ᠤᠨ ᠪᠧᠷᠨᠢ ᠶᠢᠨ ᠶᠡᠭᠡ ᠰᠤᠷᠭᠠᠭᠤᠯᠢ ᠶᠢᠨ ᠨᠣᠮ ᠤᠨ ᠰᠠᠩ ᠳᠤ ᠬᠠᠳᠠᠭᠠᠯᠠᠭᠳᠠᠵᠤ ᠪᠠᠢᠭᠰᠠᠨ ᠮᠣᠩᠭᠣᠯ ᠤᠨ ᠲᠡᠦᠬᠡ ᠂ ᠰᠣᠶᠤᠯ ᠤᠨ ᠦᠨᠡᠲᠦ ᠥᠪ ᠲᠦ ᠬᠠᠮᠢᠶᠡᠷᠬᠤ ᠡᠷᠲᠡᠨ ᠥ ᠬᠤᠪᠦᠷ ᠬᠣᠶᠠᠷ ᠪᠢᠴᠢᠪᠦᠷᠢ ᠶᠢ ᠮᠣᠩᠭᠣᠯ ᠤᠯᠤᠰ ᠲᠤ ᠪᠤᠴᠠᠭᠠᠨ ᠰᠢᠯᠵᠢᠭᠦᠯᠵᠡᠢ ᠃ ᠲᠣᠳᠣᠷᠠᠭᠤᠯᠪᠠᠯ ᠡᠬᠢᠨ ᠤ ᠪᠢᠴᠢᠪᠦᠷᠢ ᠨᠢ ᠠᠷᠪᠠᠨ ᠳᠣᠯᠣᠳᠤᠭᠠᠷ ᠵᠠᠭᠤᠨ ᠤ ᠡᠬᠢᠨ ᠦᠶ᠎ᠡ ᠶᠢᠨ ᠭᠠᠷ ᠪᠢᠴᠢᠮᠡᠯ ᠪᠥᠭᠡᠳ ᠲᠥᠪᠡᠳ ᠤᠨ ᠶᠡᠭᠡ ᠪᠢᠰᠢᠯᠭᠠᠭ᠌ᠴᠢ ᠂ ᠢᠷᠠᠭᠤ ᠨᠠᠢᠷᠠᠭ᠌ᠴᠢ ᠮᠢᠯᠠᠷᠠᠢᠪᠠ ᠶᠢᠨ 《ᠵᠠᠭᠤᠨ ᠮᠢᠩᠭᠠᠨ ᠳᠠᠭᠤᠤ》ᠵᠣᠬᠢᠶᠠᠯ ᠤᠨ ᠮᠣᠩᠭᠣᠯ ᠣᠷᠴᠢᠭᠤᠯᠭ᠎ᠠ ᠠᠵᠠᠢ ᠃
ᠤᠭ ᠣᠷᠴᠢᠭᠤᠯᠭ᠎ᠠ ᠶᠢ ᠨᠡᠷᠡᠲᠦ ᠯᠠᠮᠠ ᠰᠢᠷᠡᠭᠡᠲᠦ ᠭᠦᠦᠰᠢ ᠴᠣᠷᠵᠢ ᠲᠦᠮᠡᠳ ᠦᠨ ᠨᠦᠯᠤᠬᠡ ᠪᠦᠬᠦᠶ ᠨᠣᠶᠠᠨ ᠤᠮᠪᠤ ᠬᠣᠩ ᠲᠠᠢᠵᠢ ᠶᠢᠨ ᠵᠠᠬᠢᠶᠠᠯᠠᠭ᠎ᠠ ᠪᠠᠷ ᠬᠢᠭ᠍ᠰᠡᠨ ᠪᠥᠭᠡᠳ ᠭᠠᠷ ᠪᠢᠴᠢᠮᠡᠯ ᠦᠨ ᠲᠡᠭᠦᠰᠬᠡᠯ ᠦᠨ ᠲᠡᠮᠳᠡᠭ᠍ᠯᠡᠯ ᠳᠤ ᠳᠤᠷᠠᠳᠤᠭᠰᠠᠨ ᠢᠶᠠᠷ 1615 ᠣᠨ ᠣᠷᠴᠢᠮ ᠳᠤ ᠣᠷᠴᠢᠭᠤᠯᠤᠭᠳᠠᠭᠰᠠᠨ ᠪᠠᠢᠢᠬᠤ ᠮᠠᠭᠠᠳᠯᠠᠯ ᠲᠠᠢ ᠪᠡᠢᠨ᠎ᠡ᠃ ᠡᠨᠡ ᠬᠦ ᠡᠬᠡ ᠰᠤᠷᠪᠤᠯᠵᠢ ᠨᠢ ᠮᠣᠩᠭᠣᠯ ᠤᠨ ᠪᠤᠷᠬᠠᠨ ᠤ ᠱᠠᠰᠢᠨ ᠂ ᠤᠳᠬ᠎ᠠ ᠵᠤᠬᠢᠶᠡᠯ ᠂ ᠣᠷᠴᠢᠭᠤᠯᠭ᠎ᠠ ᠶᠢᠨ ᠲᠡᠦᠬᠡ ᠶᠢ ᠰᠤᠳᠤᠯᠬᠤ ᠳᠤ ᠴᠢᠬᠤᠯᠠ ᠠᠴᠢ ᠬᠣᠯᠪᠣᠭᠳᠠᠯ ᠲᠠᠢ ᠃
ᠬᠣᠶᠠᠲᠠᠬᠢ ᠪᠢᠴᠢᠪᠦᠷᠢ ᠨᠢ 1716 ᠣᠨ ᠳᠤ ᠪᠡᠭᠡᠵᠢᠡᠭ ᠬᠣᠲᠠᠨ᠎ᠠ ᠤᠯᠠᠮᠵᠢᠯᠠᠯᠲᠤ ᠮᠣᠳᠤᠨ ᠬᠡᠪᠯᠡᠯ ᠢᠶᠡᠷ ᠬᠡᠪᠯᠡᠭ᠍ᠳᠡᠭ᠍ᠰᠡᠨ ᠂ ᠮᠣᠩᠭᠣᠯ ᠪᠢᠴᠢᠭ ᠤᠨ ᠭᠡᠰᠡᠷ ᠦᠨ ᠲᠤᠤᠯᠢᠰ ᠤᠨ ᠬᠤᠪᠦᠷ ᠡᠬᠡ ᠶᠤᠮ ᠃ ᠤᠭ ᠬᠡᠪᠯᠡᠮᠡᠯ ᠨᠢ ᠲᠤᠤᠯᠢᠰ ᠤᠨ 1-3 ᠪᠤᠯᠦᠠ 5-7 ᠳ᠋ᠤᠭᠠᠷ ᠪᠦᠯᠦᠭ ᠢ ᠪᠠᠭᠲᠠᠭᠠᠭᠰᠠᠨ ᠪᠦᠷᠢᠠ ᠪᠤᠰᠤ ᠬᠤᠪᠢᠯᠪᠤᠷᠢ ᠪᠣᠯᠪᠠᠴᠤ ᠮᠣᠩᠭᠣᠯ ᠤᠨ ᠪᠠᠭᠠᠲᠤᠷᠯᠢᠭ ᠲᠤᠤᠯᠢ᠂ ᠠᠮᠠᠨ ᠪᠤᠯᠦᠠ ᠪᠢᠴᠢᠭ ᠤᠨ ᠤᠯᠠᠮᠵᠢᠯᠠᠯ ᠤᠨ ᠲᠡᠦᠬᠡ ᠶᠢ ᠰᠤᠳᠤᠯᠬᠤ ᠳᠤ ᠣᠨᠴᠠᠭᠠᠢ ᠦᠨ᠎ᠡ ᠴᠡᠨ᠎ᠡ ᠲᠡᠢ ᠡᠬᠡ ᠰᠤᠷᠪᠤᠯᠵᠢ ᠳᠤ ᠲᠣᠭᠠᠴᠢᠭ᠌ᠳᠠᠵᠤ ᠪᠡᠢᠨ᠎ᠡ᠃ ᠡᠳᠡᠭᠡᠷ ᠪᠢᠴᠢᠪᠦᠷᠢ ᠨᠤᠭᠦᠳ ᠨᠢ ᠡᠮᠦᠨ᠎ᠡ ᠨᠢ ᠰᠤᠳᠤᠯᠤᠭᠠᠴᠢ ᠷᠢᠾᠠᠷᠳ᠋ ᠡᠷᠡᠨᠰᠲ ᠤᠨ ᠬᠤᠪᠢ ᠶᠢᠨ ᠴᠤᠭᠯᠠᠭᠤᠯᠤᠯᠭᠠ ᠳᠤ ᠬᠠᠳᠠᠭᠠᠯᠠᠭᠳᠠᠵᠤ ᠪᠠᠢᠭᠠᠳ ᠤᠯᠠᠮ ᠢᠶᠠᠷ ᠪᠧᠷᠨᠢ ᠶᠢᠨ ᠶᠡᠭᠡ ᠰᠤᠷᠭᠠᠭᠤᠯᠢ ᠶᠢᠨ ᠨᠣᠮ ᠤᠨ ᠰᠠᠩ ᠳᠤ ᠰᠢᠯᠵᠢᠨ ᠬᠠᠳᠠᠭᠠᠯᠠᠭᠳᠠᠭᠰᠠᠨ ᠪᠥᠭᠡᠳ ᠣᠯᠠᠨ ᠵᠢᠯ ᠤᠨ ᠳᠠᠷᠠᠭ᠎ᠠ ᠡᠢᠨ ᠬᠦ ᠡᠬᠡ ᠣᠷᠣᠨ ᠳᠤ ᠪᠠᠨ ᠪᠤᠴᠠᠵᠤ ᠪᠠᠢᠭ᠎ᠠ ᠨᠢ ᠡᠨᠡ ᠶᠤᠮ ᠃



