ᠪᠤᠷᠢᠶᠠᠳ ᠤᠨ ᠲᠦᠩᠬᠦᠨ ᠠᠢᠮᠠᠭ ᠤᠨ ᠬᠡᠷᠡᠨ ᠲᠣᠰᠬᠤᠨ ᠳᠤ ᠲᠦᠩᠬᠦᠨ ᠠᠢᠮᠠᠭ ᠤᠨ ᠨᠤᠲᠤᠭ ᠤᠨ ᠠᠶᠠᠯᠭᠤᠨ ᠤ ᠣᠨᠴᠠᠯᠢᠭ ᠢ ᠲᠤᠰᠬᠠᠭᠰᠠᠨ 《 ᠲᠦᠩᠬᠦᠨ ᠨᠤᠲᠤᠭ ᠦᠭᠡ ᠨᠤᠭᠦᠳ ᠤᠨ ᠪᠤᠷᠢᠶᠠᠳ ᠤᠷᠤᠰ ᠲᠣᠯᠢ 》ᠭᠡᠮᠡᠬᠦ ᠲᠣᠯᠢ ᠪᠢᠴᠢᠭ ᠤᠨ ᠨᠡᠭᠡᠭᠡᠯᠲᠡ ᠶᠢᠨ ᠶᠣᠰᠣᠯᠠᠯ ᠪᠣᠯᠣᠯ᠎ᠠ᠃ ᠡᠨᠡ ᠦᠢᠯᠡ ᠶᠠᠪᠤᠳᠠᠯ ᠨᠢ ᠪᠤᠷᠢᠶᠠᠳ ᠬᠡᠯᠡ᠂ ᠰᠣᠶᠣᠯ ᠢ ᠬᠠᠳᠠᠭᠠᠯᠠᠨ ᠬᠠᠮᠡᠭᠠᠯᠡᠬᠤ᠂ ᠲᠦᠭᠡᠭᠡᠨ ᠳᠡᠯᠭᠡᠷᠡᠭᠦᠯᠬᠦ ᠦᠢᠯᠡᠰ ᠲᠤ ᠴᠢᠬᠤᠯᠠ ᠠᠯᠬᠤᠮ ᠪᠣᠯᠵᠤ ᠪᠠᠢᠭ᠎ᠠ ᠪᠥᠭᠡᠳ ᠲᠡᠷᠡ ᠳᠤᠮᠳᠠ ᠪᠠᠨ ᠲᠦᠩᠬᠦᠨ ᠨᠤᠲᠤᠭ ᠤᠨ ᠥᠪᠡᠷᠮᠢᠴᠡ ᠠᠶᠠᠯᠭᠤ ᠶᠢ ᠬᠣᠢᠴᠢ ᠦᠶ᠎ᠡ ᠳᠡᠬᠡᠨ ᠥᠪᠯᠡᠭᠦᠯᠤᠨ ᠦᠯᠡᠳᠡᠭᠡᠬᠦ ᠳᠤ ᠲᠣᠮᠤᠬᠠᠨ ᠬᠤᠪᠢ ᠨᠡᠮᠡᠷᠢ ᠣᠷᠣᠭᠤᠯᠵᠤ ᠪᠤᠢ ᠶᠢ ᠲᠦᠩᠬᠦᠨ ᠠᠢᠮᠠᠭ ᠤᠨ ᠳᠠᠷᠤᠭ᠎ᠠ ᠴᠢᠩᠭᠢᠰ ᠮᠠᠨᠱᠸᠸᠸ ᠨᠡᠭᠡᠭᠡᠯᠲᠡᠨ ᠳᠡᠭᠡᠷ᠎ᠡ ᠬᠡᠯᠡᠭ᠍ᠰᠡᠨ ᠦᠭᠡᠨ ᠳᠡᠬᠡᠨ ᠣᠨᠴᠠᠯᠠᠨ ᠲᠡᠮᠳᠡᠭ᠍ᠯᠡᠵᠡᠢ᠃
ᠲᠣᠯᠢ ᠪᠢᠴᠢᠭ ᠢ《ᠪᠤᠷᠢᠶᠠᠳ ᠬᠡᠯᠡ ᠶᠢ ᠬᠠᠳᠠᠭᠠᠯᠠᠬᠤ᠂ ᠬᠥᠭ᠍ᠵᠢᠭᠦᠯᠬᠦ 》ᠲᠥᠷᠦ ᠶᠢᠨ ᠬᠥᠲᠥᠯᠪᠦᠷᠢ ᠶᠢᠨ ᠬᠦᠷᠢᠶᠡᠨ ᠳᠤ ᠬᠡᠪᠯᠡᠭᠦᠯᠦᠭ᠍ᠰᠡᠨ ᠪᠡᠢᠨ᠎ᠡ᠃ ᠤᠭ ᠬᠥᠲᠥᠯᠪᠦᠷᠢ ᠶᠢᠨ ᠬᠦᠷᠢᠶᠡᠨ ᠳᠤ ᠡᠮᠦᠨ᠎ᠡ ᠨᠢ ᠪᠤᠷᠢᠶᠠᠳ ᠤᠨ ᠠᠷᠪᠡ ᠭᠠᠷᠦᠢ ᠨᠤᠲᠤᠭ ᠤᠨ ᠠᠶᠠᠯᠭᠤᠨ ᠤ ᠪᠤᠷᠢᠶᠠᠳ ᠤᠷᠦᠰ ᠲᠣᠯᠢ ᠶᠢ ᠡᠷᠬᠢᠯᠡᠨ ᠬᠡᠪᠯᠡᠭᠦᠯᠵᠡᠢ᠃ ᠡᠨᠡ ᠲᠣᠯᠢ ᠳᠤ ᠲᠦᠩᠬᠦᠨ ᠦ ᠬᠥᠨᠳᠡᠢ ᠳᠤ ᠡᠷᠲᠡᠨ ᠠᠴᠠ ᠨᠤᠲᠤᠭᠯᠠᠵᠤ ᠢᠷᠡᠭ᠍ᠰᠡᠨ ᠪᠤᠷᠢᠶᠠᠳ ᠤᠨ 34 ᠣᠪᠣᠭ ᠤᠨ ᠬᠡᠯᠡ ᠠᠶᠠᠯᠭᠤ ᠶᠢᠨ ᠳ᠋ᠡᠬᠢ 2205 ᠦᠭᠡ ᠬᠡᠯᠡᠯᠭᠡ᠂ ᠣᠪᠣᠭ ᠣᠲᠣᠭ᠂ ᠠᠭᠤᠯᠠ ᠤᠰᠤᠨ ᠤ ᠨᠡᠷ᠎ᠡ ᠶᠢ ᠪᠠᠭᠲᠠᠭᠠᠭᠰᠠᠨ ᠪᠡᠢᠨ᠎ᠡ᠃



