ᠠᠮᠤᠷᠪᠠᠶᠠᠰᠬᠤᠯᠠᠩ ᠫᠤᠯᠠᠨᠳ᠋ ᠤᠨ ᠤᠯᠤᠰ ᠤᠨ ᠰᠧᠮ ᠤᠨ ᠭᠡᠰᠢᠭᠦᠨ ᠢ ᠬᠦᠯᠢᠶᠡᠨ ᠠᠪᠴᠤ ᠠᠭᠤᠯᠵᠠᠯ᠎ᠠ | News.MN

ᠠᠮᠤᠷᠪᠠᠶᠠᠰᠬᠤᠯᠠᠩ ᠫᠤᠯᠠᠨᠳ᠋ ᠤᠨ ᠤᠯᠤᠰ ᠤᠨ ᠰᠧᠮ ᠤᠨ ᠭᠡᠰᠢᠭᠦᠨ ᠢ ᠬᠦᠯᠢᠶᠡᠨ ᠠᠪᠴᠤ ᠠᠭᠤᠯᠵᠠᠯ᠎ᠠ

ᠮᠣᠩᠭᠣᠯ ᠤᠯᠤᠰ ᠤᠨ ᠶᠡᠭᠡ ᠬᠤᠷᠠᠯ ᠤᠨ ᠳᠠᠷᠤᠭ᠎ᠠ D᠎· ᠠᠮᠤᠷᠪᠠᠶᠠᠰᠬᠤᠯᠠᠩ ᠪᠦᠭᠦᠳᠡ ᠨᠠᠢᠢᠷᠠᠮᠳᠠᠬᠤ ᠫᠤᠯᠠᠨᠳ᠋ ᠤᠯᠤᠰ  ᠤᠨ ᠰᠧᠮ  ᠤᠨ ᠭᠡᠰᠢᠭᠦᠨ᠂ ᠫᠠᠷᠯᠠᠮᠸᠨ᠋ᠲ ᠲᠡᠬᠢ ᠫᠤᠯᠠᠨᠳ᠋ ᠮᠣᠩᠭᠣᠯ ᠤᠨ ᠫᠠᠷᠯᠠᠮᠧᠨ᠋ᠲ ᠤᠨ ᠪᠦᠯᠦᠭ ᠦᠨ ᠳᠠᠷᠤᠭ᠎ᠠ ᠰᠲ᠋ᠠᠨᠢᠰᠯᠠᠪ ᠭᠤᠷᠴᠢᠴᠠ ᠶᠢ ᠬᠦᠯᠢᠶᠡᠨ ᠠᠪᠴᠤ ᠠᠭᠤᠯᠵᠠᠯ᠎ᠠ ᠃

ᠠᠭᠤᠯᠵᠠᠯᠲᠠ ᠶᠢᠨ ᠡᠬᠢᠨ ᠳᠤ᠂ ᠤᠯᠤᠰ ᠤᠨ ᠶᠡᠬᠡ ᠬᠤᠷᠠᠯ  ᠤᠨ ᠳᠠᠷᠤᠭ᠎ᠠ D᠎· ᠠᠮᠤᠷᠪᠠᠶᠠᠰᠬᠤᠯᠠᠩ ᠮᠣᠩᠭᠣᠯ ᠤᠯᠤᠰ ᠡᠩᠬᠡ ᠶᠢ ᠡᠷᠬᠢᠮᠯᠡᠭ᠍ᠰᠡᠨ᠂ ᠨᠡᠭᠡᠭᠡᠯᠲᠡ ᠲᠠᠢ᠂ ᠪᠡᠶ᠎ᠠ ᠳᠠᠭᠠᠭᠠᠭᠰᠠᠨ᠂ ᠣᠯᠠᠨ ᠲᠤᠯᠭᠠᠭᠤᠷᠢᠲᠤ ᠭᠠᠳᠠᠭᠠᠳᠤ ᠪᠣᠳᠣᠯᠭ᠎ᠠ ᠶᠢ ᠲᠤᠤᠱᠲᠠᠢ ᠬᠡᠷᠡᠭ᠍ᠵᠢᠭᠦᠯᠳᠡᠭ ᠪᠥᠭᠡᠳ  ᠫᠤᠯᠠᠨᠳ᠋ ᠤᠯᠤᠰ ᠢ ᠮᠠᠨ ᠤ ᠤᠯᠤᠰ ᠤᠨ ᠴᠢᠬᠤᠯᠠ ᠭᠤᠷᠪᠠᠳᠠᠭ᠌ᠴᠢ ᠬᠦᠷᠰᠢ ᠂ ᠧᠦᠷᠣᠫᠠ ᠳᠠᠬᠢ ᠢᠲᠡᠭᠡᠯᠲᠦ ᠲᠦᠩᠰᠢ ᠭᠡᠵᠦ ᠦᠵᠡᠳᠡᠭ ᠭᠡᠳᠡᠭ ᠢ  ᠣᠨᠴᠠᠯᠠᠨ ᠬᠡᠯᠡᠪᠡ᠃

ᠰᠲ᠋ᠠᠨᠢᠰᠯᠠᠪ ᠭᠤᠷᠴᠢᠴᠠ  ᠫᠤᠯᠠᠨᠳ᠋᠂ ᠮᠣᠩᠭᠣᠯ ᠤᠨ ᠫᠠᠷᠯᠠᠮᠧᠨ᠋ᠲ ᠤᠨ ᠨᠠᠢᠷᠠᠮᠳᠠᠯ ᠤᠨ ᠪᠦᠯᠦᠭ ᠦᠨ ᠬᠠᠮᠲᠤ ᠶ᠋ᠢᠨ ᠠᠵᠢᠯᠯᠠᠭ᠎ᠠ ᠰᠡᠭᠦᠯ ᠦᠨ ᠵᠢᠯ ᠤᠳ ᠲᠤ ᠤᠯᠠᠮ ᠪᠦᠷᠢ ᠬᠥᠭ᠍ᠵᠢᠵᠦ ᠪᠣᠢ ᠳᠤ ᠲᠠᠯᠠᠷᠬᠠᠯ ᠲᠠᠢ ᠪᠠᠢᠭ᠎ᠠ ᠪᠠᠨ  ᠢᠯᠡᠷᠬᠡᠢᠯᠡᠪᠡ᠃ ᠬᠣᠶᠠᠷ ᠣᠷᠣᠨ ᠤ ᠬᠤᠳᠠᠯᠳᠤᠭᠠᠨ ᠤ ᠡᠷᠭᠢᠯᠲᠡ 90 ᠰᠠᠶ᠎ᠠ  ᠳ᠋ᠣᠯᠯᠠᠷ ᠲᠤ ᠬᠦᠷᠦᠭ᠍ᠰᠡᠨ ᠪᠥᠭᠡᠳ ᠫᠤᠯᠠᠨᠳ᠋ ᠤᠯᠤᠰ ᠠᠴᠠ ᠮᠣᠩᠭᠣᠯ ᠤᠯᠤᠰ ᠤᠷᠤᠭᠤ ᠬᠢᠵᠦ ᠪᠤᠶ ᠡᠺᠰᠫᠣᠷᠲ ᠨᠢ ᠡᠸᠦ᠋ᠷᠦᠫᠡ ᠶᠢᠨ ᠣᠷᠣᠨ ᠨᠤᠭᠤᠳ ᠳᠤᠮᠳᠠ 3 ᠳ᠋ᠤᠭᠠᠷ ᠲᠤ ᠂ ᠳᠡᠯᠡᠬᠡᠢ ᠶᠢᠨ ᠤᠯᠤᠰ ᠣᠷᠣᠨ ᠨᠤᠭᠤᠳ ᠠᠴᠠ 11 ᠳ᠋ᠤᠭᠡᠷ ᠲᠦ ᠡᠷᠡᠮᠪᠡᠯᠡᠭ᠍ᠳᠡᠵᠦ ᠪᠤᠢ ᠶᠢ ᠣᠨᠴᠠᠯᠠᠨ ᠲᠡᠮᠳᠡᠭ᠍ᠯᠡᠯ᠎ᠡ ᠃

ᠰᠡᠳᠬᠢᠭᠳᠡᠯ ᠦᠯᠡᠳᠡᠭᠡᠬᠦ