ᠵᠠᠰᠠᠭ ᠤᠨ ᠭᠠᠵᠠᠷ ᠤᠨ ᠥᠨᠥᠳᠥᠷ ᠦᠨ ᠬᠤᠷᠠᠯᠳᠤᠭᠠᠨ ᠢᠶᠠᠷ 《 ᠮᠣᠩᠭᠣᠯ ᠂ ᠬᠢᠲᠠᠳ ᠤᠨ ᠵᠠᠮ ᠤᠨ ᠡᠭᠦᠳᠡ ᠂ ᠡᠷᠢᠶᠡᠨ ᠦ ᠡᠳ᠋ ᠦᠨ ᠵᠠᠰᠠᠭ ᠤᠨ ᠬᠠᠮᠲᠤ ᠶ᠋ᠢᠨ ᠠᠵᠢᠯᠯᠠᠭᠠᠨ ᠤ ᠪᠦᠰᠡ ᠶᠢ ᠬᠠᠮᠲᠤᠷᠠᠨ ᠬᠥᠭ᠍ᠵᠢᠭᠦᠯᠬᠦ ᠶᠡᠷᠦᠩᠬᠡᠶ ᠲᠥᠯᠦᠪᠯᠡᠭᠡ 》 ᠶᠢ ᠪᠠᠲᠤᠯᠠᠯ᠎ᠠ ᠃
ᠲᠥᠯᠥᠪᠯᠡᠭᠡ ᠶᠢ ᠬᠡᠷᠡᠭ᠍ᠵᠢᠭᠦᠯᠬᠦ ᠲᠠᠯ᠎ᠠ ᠪᠠᠷ ᠬᠤᠯᠪᠦᠬᠳᠡᠬᠤ ᠠᠷᠭ᠎ᠠ ᠭᠡᠮᠵᠢᠶ᠎ᠠ ᠠᠪᠬᠤ ᠶᠢ ᠰᠢᠳᠠᠷ ᠰᠠᠢᠳ ᠰ · ᠠᠮᠤᠷᠰᠠᠢᠬᠠᠨ ᠂ ᠭᠠᠳᠠᠭᠠᠳᠤ ᠬᠠᠷᠢᠯᠴᠠᠭᠠᠨ ᠤ ᠰᠠᠢᠳ ᠪ ∙ ᠪᠡᠲᠦᠴᠡᠴᠡᠭ ᠨᠠᠷ ᠲᠤ ᠳᠠᠭᠠᠭᠠᠯᠭᠠᠪᠠ᠃ ᠮᠥᠨ ᠴᠢᠯᠦᠭᠡᠳᠦ ᠪᠦᠰᠡ ᠶᠢᠨ ᠪᠦᠲᠦᠭᠡᠨ ᠪᠠᠢᠭᠤᠯᠤᠯᠲᠠ ᠶᠢ ᠬᠡᠷᠡᠭ᠍ᠵᠢᠭᠦᠯᠬᠦ ᠳᠤ ᠬᠤᠯᠪᠦᠬᠳᠡᠬᠤ ᠬᠠᠤᠯᠢ ᠲᠣᠭᠲᠠᠭᠠᠮᠵᠢ ᠶᠢᠨ ᠳᠠᠭᠠᠤ ᠥᠪᠡᠷ ᠤᠨ ᠡᠷᠬᠢᠯᠡᠬᠦ ᠠᠰᠠᠭᠤᠳᠠᠯ ᠤᠨ ᠬᠦᠷᠢᠶᠡᠨ ᠳᠤ ᠬᠠᠮᠲᠤᠷᠠᠨ ᠠᠵᠢᠯᠯᠠᠬᠤ ᠶᠢ ᠵᠠᠰᠠᠭ ᠤᠨ ᠭᠠᠵᠠᠷ ᠤᠨ ᠭᠡᠰᠢᠭᠦᠳ ᠲᠦ ᠳᠠᠭᠠᠭᠠᠯᠭᠠᠪᠠ᠃



