ᠷ ᠎· ᠪᠤᠸᠠᠩᠭᠠᠨ ᠮᠣᠩᠭᠣᠯ ᠳᠤ ᠪᠠᠢᠭ᠎ᠠ ᠱᠠᠰᠢᠨ ᠤ ᠲᠥᠯᠥᠭᠡᠯᠡᠯ ᠲᠠᠢ ᠠᠭᠤᠯᠵᠠᠪᠠ | News.MN

ᠷ ᠎· ᠪᠤᠸᠠᠩᠭᠠᠨ ᠮᠣᠩᠭᠣᠯ ᠳᠤ ᠪᠠᠢᠭ᠎ᠠ ᠱᠠᠰᠢᠨ ᠤ ᠲᠥᠯᠥᠭᠡᠯᠡᠯ ᠲᠠᠢ ᠠᠭᠤᠯᠵᠠᠪᠠ

ᠠᠮᠧᠷᠢᠺᠠ ᠶᠢᠨ ᠨᠢᠭᠡᠳᠦᠭ᠍ᠰᠡᠨ ᠤᠯᠤᠰ ᠠᠴᠠ ᠮᠣᠩᠭᠣᠯ ᠤᠯᠤᠰ ᠲᠤ ᠰᠠᠭᠤᠭ᠎ᠠ ᠡᠯᠴᠢᠨ ᠰᠠᠢᠳ ᠷᠢᠴᠠᠷᠳ᠋ ᠪᠤᠸᠠᠩᠭᠠᠨ《ᠱᠠᠰᠢᠨ ᠬᠣᠭᠤᠷᠤᠨᠳᠤ ᠶᠢᠨ ᠳᠤᠭᠤᠶ ᠰᠢᠷᠡᠭᠡᠨ ᠦ ᠠᠭᠤᠯᠵᠠᠯᠲᠠ》ᠵᠣᠬᠢᠶᠠᠨ ᠪᠠᠢᠭᠤᠯᠵᠠᠢ᠃ ᠲᠡᠷᠡ ᠪᠡᠷ ᠡᠨᠡ ᠠᠭᠤᠯᠵᠠᠯᠲᠠ ᠶᠢ ᠵᠢᠯ ᠪᠦᠷᠢ ᠵᠣᠬᠢᠶᠠᠨ ᠪᠠᠢᠭᠤᠯᠳᠠᠭ ᠪᠥᠭᠡᠳ ᠡᠨᠡ ᠤᠳᠠᠭ᠎ᠠ ᠪᠤᠳ᠋ᠳ᠋ᠾᠠ᠂ ᠾᠷᠢᠰᠲ᠋ᠤᠰ᠂ ᠪᠥᠭᠡ᠂ ᠪᠠᠬᠠᠢ᠂ ᠰᠢᠨᠲ᠋ᠣ᠋ ᠵᠡᠷᠭᠡ ᠱᠠᠰᠢᠨ ᠤ ᠲᠡᠷᠢᠭᠦᠨ ᠨᠦᠭᠦᠳ ᠲᠠᠢ ᠠᠭᠤᠯᠵᠠᠵᠤ᠂ ᠲᠡᠳᠡᠨ ᠳᠤ ᠲᠤᠯᠭᠠᠷᠠᠵᠤ ᠪᠤᠶ ᠨᠡᠢᠲᠡᠯᠢᠭ ᠠᠰᠠᠭᠤᠳᠠᠯ ᠤᠳ ᠲᠤ ᠬᠡᠷᠬᠢᠨ ᠰᠢᠢᠳᠦᠯ ᠤᠯᠬᠤ ᠲᠠᠯ᠎ᠠ ᠪᠠᠷ ᠰᠠᠨᠠᠯ ᠰᠣᠯᠢᠯᠴᠠᠭᠰᠠᠨ ᠪᠡᠢᠨ᠎ᠡ᠃

ᠪᠤᠸᠠᠩᠭᠠᠨ᠄《ᠮᠣᠩᠭᠣᠯ ᠤᠯᠤᠰ ᠱᠠᠰᠢᠨ ᠤ ᠡᠷᠬᠡ ᠴᠢᠯᠦᠭᠡ ᠶᠢ ᠬᠠᠮᠠᠭᠠᠯᠠᠵᠤ ᠢᠷᠡᠭ᠍ᠰᠡᠨ ᠣᠯᠠᠨ ᠵᠠᠭᠤᠨ ᠤ ᠤᠯᠠᠮᠵᠢᠯᠠᠯᠲᠤ ᠲᠡᠦᠬᠡ ᠪᠤᠯᠦᠠ ᠣᠯᠠᠨ ᠱᠠᠰᠢᠨ ᠢ ᠬᠦᠯᠢᠶᠡᠨ ᠵᠥᠪᠰᠢᠶᠡᠷᠡᠵᠦ᠂ ᠲᠡᠳᠡᠨ ᠢ ᠡᠪ ᠨᠠᠢᠷ ᠲᠠᠢ ᠵᠡᠷᠭᠡᠴᠡᠨ ᠣᠷᠣᠰᠢᠬᠤ ᠶᠢ ᠳᠡᠮᠵᠢᠨ ᠪᠦᠰᠡ ᠨᠤᠲᠤᠭ ᠲᠤ ᠪᠠᠨ ᠦᠯᠢᠭᠡᠷ ᠳᠠᠭᠤᠷᠢᠶᠠᠯ ᠪᠣᠯᠵᠤ ᠪᠣᠢ ᠪᠠᠷ ᠢᠶᠠᠨ ᠪᠠᠬᠠᠷᠬᠠᠬᠤ ᠬᠡᠷᠡᠭ ᠲᠠᠢ ᠶᠤᠮ᠃ ᠮᠥᠨ ᠳᠡᠯᠡᠬᠡᠢ ᠶᠢᠨ ᠤᠯᠤᠰ ᠣᠷᠤᠨ ᠤ ᠢᠷᠭᠡᠠ ᠪᠦᠷ ᠰᠦᠰᠦᠭ ᠪᠢᠰᠢᠷᠡᠯ ᠲᠠᠢ ᠪᠠᠢᠬᠤ᠂ ᠱᠠᠰᠢᠨ ᠰᠢᠲᠦᠬᠦ᠂ ᠱᠠᠰᠢᠨ ᠢᠶᠠᠨ ᠨᠣᠮᠯᠠᠬᠤ ᠡᠷᠬᠡ ᠴᠢᠯᠦᠭᠡ ᠲᠠᠢ ᠪᠠᠢᠬᠤ ᠡᠷᠬᠡ ᠪᠠᠷ ᠬᠠᠩᠭᠠᠭᠳᠠᠬᠤ ᠶᠢᠨ ᠲᠥᠯᠥᠭᠡ ᠠᠵᠢᠯᠯᠠᠬᠤ ᠨᠢ ᠠᠮᠧᠷᠢᠺᠠ ᠶᠢᠨ ᠨᠢᠭᠡᠳᠦᠭ᠍ᠰᠡᠨ ᠤᠯᠤᠰ  ᠤᠨ ᠲᠡᠷᠢᠭᠦᠯᠡᠬᠦ ᠪᠣᠳᠤᠯᠭ᠎ᠠ ᠬᠡᠪ ᠢᠶᠠᠷ ᠪᠠᠢᠬᠤ ᠪᠣᠯᠤᠨ᠎ᠠ》ᠬᠡᠮᠡᠨ ᠴᠠᠬᠢᠮ ᠬᠠᠭᠤᠳᠠᠰᠤᠨ ᠳᠠᠭᠠᠨ ᠲᠡᠮᠳᠡᠭ᠍ᠯᠡᠵᠡᠢ᠃

ᠰᠡᠳᠬᠢᠭᠳᠡᠯ ᠦᠯᠡᠳᠡᠭᠡᠬᠦ