ᠪᠠ‍ ᠂ ᠯᠾᠬᠠᠪᠠᠰᠦ᠋ᠷᠦᠩ ᠄ ᠪᠢ ᠳᠠᠷᠤᠣ ᠬᠦᠮᠦᠨ ᠪᠢᠰᠢ᠂ ᠶᠠᠭᠠᠬᠢᠪᠠᠴᠤ ᠪᠢᠰᠢ | News.MN

ᠪᠠ‍ ᠂ ᠯᠾᠬᠠᠪᠠᠰᠦ᠋ᠷᠦᠩ ᠄ ᠪᠢ ᠳᠠᠷᠤᠣ ᠬᠦᠮᠦᠨ ᠪᠢᠰᠢ᠂ ᠶᠠᠭᠠᠬᠢᠪᠠᠴᠤ ᠪᠢᠰᠢ

ᠲᠦᠷᠦ ᠵᠢᠨ ᠱᠠᠩᠨᠠᠯᠳᠤ᠂ ᠠᠷᠠᠳ ᠤᠨ ᠣᠷᠠᠨ ᠵᠣᠬᠢᠶᠠᠯᠴᠢ᠂ ᠰᠤᠶᠤᠯ ᠤᠨ ᠭᠠᠪᠢᠶᠠᠳᠣ ᠵᠢᠳᠭᠦᠯᠲᠡᠨ ᠪᠠ‍᠂ ᠯᠾᠬᠠᠪᠠᠰᠦ᠋ᠷᠦᠩ ᠲᠠᠢ ᠶᠠᠷᠢᠯᠴᠠᠯ᠎ᠠ᠃ ᠲᠡᠭᠦᠨ ‍ᠢ ᠣᠯᠠᠨ ᠰᠡᠳᠭᠦᠯᠴᠢ《ᠮᠦᠯᠵᠢᠭ᠍ᠰᠡᠨ》ᠴᠦ ᠳᠠᠪᠳᠠᠭᠳᠠᠰᠢ ᠦᠭᠡᠢ ᠶᠠᠷᠢᠶ᠎ᠠ ᠭᠠᠷᠤᠭᠰᠠᠭᠠᠷ ᠯᠠ ᠪᠠᠢᠳᠠᠭ᠃ ᠡᠨᠡ ᠣᠳᠠᠭ᠎ᠠ ᠴᠦ ᠪᠠᠰᠠ ᠲᠡᠭᠦᠨ ‍ᠢ ᠦᠪᠡᠷ ᠤᠨ ᠬᠢ ᠪᠡᠷ ᠢᠶᠠᠨ ᠨᠡᠭᠡᠭᠡᠯ᠎ᠡ᠃ ᠲᠠᠮᠠᠬᠢ ᠪᠡᠨ ᠬᠦᠯ ᠳᠤᠣᠷ᠎ᠠ ᠪᠡᠨ ᠬᠠᠢᠷᠴᠠᠭ ᠢᠶᠠᠷ ᠨᠢ ᠲᠠᠯᠪᠢᠴᠢᠬᠠᠭᠠᠳ ᠂ ᠡᠭᠡᠯᠵᠢᠲᠤ ᠨᠢᠭᠡ ᠨᠢ ᠢᠷᠡᠵᠦ ᠪᠠᠢᠴᠠᠭᠠᠳᠠᠭ ᠢᠢᠠᠷ ᠢᠢᠠᠨ ᠪᠠᠢᠴᠠᠭᠠᠬᠤ ᠨᠢ ᠭᠡᠰᠡᠨ ᠶᠠᠩᠵᠦ ᠲᠠᠢ᠄《ᠵᠠ ᠶᠠᠭᠤ ᠠᠰᠠᠭᠤᠮᠠᠷ ᠪᠠᠢᠨ᠎ᠠ》ᠭᠡᠳ ᠲᠠᠮᠠᠬᠢ ᠪᠡᠨ ᠠᠰᠠᠭᠠᠪᠠ᠃ ᠣᠷᠢᠯᠭ᠎ᠠ ᠵᠠᠯᠠᠯᠭ᠎ᠠ ᠵᠢ ᠣᠳᠠᠰᠦ ᠪᠡᠷ ᠪᠤᠯᠤᠨ ᠪᠡᠶ᠎ᠡ ᠪᠡᠷ ᠢᠷᠡᠵᠦ ᠬᠦᠷᠭᠡᠬᠦ ᠬᠦᠮᠦᠨ ‍ᠥ ᠬᠦᠯ ᠲᠠᠰᠤᠷᠠᠳᠠᠭ ᠦᠭᠡᠢ ᠪᠣᠯᠣᠯᠲᠠᠢ᠃ ᠬᠠᠨᠢ ᠰ᠂ ᠪᠠᠰᠠᠩ ᠡᠴᠡ ᠨᠢ《ᠲᠠᠨ ‍ᠥ ᠳ᠋ᠦ ᠬᠦᠮᠦᠨ ᠶᠡᠬᠡ ᠢᠷᠡᠳᠡᠭ ᠪᠠᠢᠬᠤ ᠡ 》ᠭᠡᠬᠦ ᠳ᠋ᠦ《ᠨᠠᠭᠤᠢ》ᠭᠡᠳ ᠲᠤᠯᠤᠭᠠᠢ ᠰᠡᠭ᠍ᠰᠦᠷᠪᠠ᠃ ᠢᠩᠭᠢᠭᠡᠳ ᠶᠠᠷᠢᠯᠴᠠᠯᠭ᠎ᠠ ᠪᠡᠨ ᠬᠦᠷᠭᠡᠶ᠎ᠠ ᠃

– ᠲᠠ ᠦᠴᠦᠭᠡᠳᠦᠷ ᠨᠣᠲᠣᠭ ᠶᠠᠪᠣᠭᠠᠳ ᠢᠷᠡᠪᠠ ᠤᠤ᠂ ᠶᠡᠷᠦ ᠨᠢ ᠣᠢᠷ᠎ᠠ ᠣᠢᠷᠠᠬᠠᠨ ᠶᠠᠪᠣᠳᠠᠭ ᠭᠡᠰᠡᠨ ᠪᠠᠢᠬᠤ ᠡ

–《ᠲᠣᠷᠤᠭ ᠡᠴᠡᠬᠦ ᠪᠠᠷ ᠢᠢᠠᠨ ᠠᠭᠤᠯᠠ ᠪᠡᠨ ᠭᠡᠭ᠍ᠴᠢ ᠪᠡᠷ》ᠨᠣᠳᠤᠭ ᠢᠶᠡᠨ ᠯᠠ ᠶᠡᠬᠡ ᠪᠣᠳᠣᠬᠣ ᠶᠤᠮ᠃ ᠰᠢᠯᠳᠠᠭ ᠯᠠ ᠭᠠᠷᠪᠠᠯ ᠨᠣᠲᠣᠭ ᠶᠠᠪᠣᠮᠠᠷ ᠰᠠᠨᠠᠭᠳᠠᠬᠣ ᠪᠣᠯᠣᠭᠰᠠᠨ᠃ ᠨᠠᠰᠤ ᠠᠬᠢᠬᠣ ᠪᠠᠷ ᠲᠡᠭᠡᠳᠡᠭ ᠪᠠᠢᠬᠤ ᠯᠠ ᠳ᠋ᠠ ᠃

– ᠨᠣᠲᠤᠭ ᠤᠨ ᠠᠢᠯ ‍ᠣᠳ ᠢᠢᠠᠷ ᠢᠢᠠᠨ ᠣᠷᠤᠳᠠᠭ ᠤᠤ ︖

–ᠠᠢᠯ ᠬᠡᠰᠦᠳᠡᠭ ᠦᠭᠡᠢ ᠡ᠃ ᠣᠢᠷ᠎ᠠ ᠶᠢᠨ ᠠᠬ᠎ᠠ ᠲᠡᠭᠦᠦᠰ ᠢᠶᠡᠷ ᠢᠶᠡᠨ ᠯᠠ ᠣᠷᠤᠳᠠᠭ ᠶᠤᠮ ᠃

– ᠰᠠᠶ᠋ᠢᠬᠠᠨ ᠪᠢ ᠲᠠᠨ ‍ᠥ ᠠᠪᠣ ᠵᠢᠨ ᠵᠢᠡᠨ ᠲᠤᠬᠠᠢ ᠪᠢᠴᠢᠭ᠍ᠰᠡᠨ ᠳᠤᠷᠠᠰᠤᠮᠵᠢ ᠵᠢ ᠣᠩᠰᠢᠭ᠌ᠰᠠᠨ ᠃

–《ᠨᠢᠯᠪᠣᠰᠤ ᠲᠠᠢ ᠳᠤᠷᠠᠰᠤᠮᠵᠢ 》ᠭᠡᠳᠡᠭ ᠶᠤᠮ ᠃

– ᠲᠠᠨ ‍ᠥ ᠣᠷᠠᠨ ᠪᠦᠲᠦᠭᠡᠯ ᠤᠨ ᠬᠡᠳᠦᠨ ᠬᠤᠪᠢ ᠨᠢ ᠠᠪᠣ ᠵᠢᠨ ᠲᠤᠬᠠᠢ ᠪᠠᠢᠳᠠᠭ ᠪᠤᠯ ︖

– ᠨᠠᠮᠠᠢᠢ ᠣᠷᠠᠨ ᠪᠦᠲᠦᠭᠡᠯ ᠬᠢᠵᠦ ᠪᠠᠢᠬᠤ ᠳ᠋ᠦ ᠠᠪᠣ᠂ ᠡᠵᠢ ᠬᠣᠶᠠᠷ ᠮᠢᠨᠢ ᠬᠠᠮᠳᠤ ᠲᠤᠭᠤᠷᠪᠢᠳᠠᠭ ᠪᠠᠢᠬᠤ ᠭᠡᠵᠦ ᠪᠢ ᠪᠣᠳᠣᠳᠠᠭ ᠰᠢᠣ᠃ ᠲᠡᠢᠮᠦ ᠡᠴᠡ ᠠᠪᠣ ᠮᠢᠨᠢ ᠮᠢᠨᠦ ᠪᠦᠲᠦᠭᠡᠯ ᠪᠤᠯᠭᠠᠨ ᠲᠠᠢ ᠬᠠᠮᠳᠤ ᠪᠠᠢᠭᠰᠠᠨ᠃ ᠲᠡᠷᠡ ᠬᠣᠶᠠᠷ ᠨᠠᠮᠠᠢᠢ ᠬᠦᠮᠦᠨ ᠪᠤᠯᠭᠠᠭ᠎ᠠ ᠦᠭᠡᠢ ᠪᠤᠯ ᠪᠢ ᠶᠠᠭᠤ ᠪᠡᠨ ᠪᠦᠲᠦᠭᠡᠬᠦ ᠪᠤᠢ ᠳ᠋ᠠ ᠭᠡᠵᠦ ᠪᠤᠳᠤᠬᠤ ᠪᠡᠷ ᠦᠷᠭᠦᠯᠵᠢ ᠲᠡᠷᠭᠡᠳᠠ ᠮᠢᠨᠢ ᠪᠠᠢᠭ᠎ᠠ ᠮᠡᠳᠦ ᠰᠠᠨᠠᠭᠳᠠᠳᠠᠭ ᠃ ᠪᠢᠳᠡ ᠭᠣᠷᠪᠠ ᠡᠯᠪᠡᠵᠤ ᠣᠷᠠᠨ ᠪᠦᠲᠦᠭᠡᠯ ᠬᠢᠳᠡᠭ ᠭᠡᠵᠦ ᠬᠡᠯᠡᠬᠦ ᠳ᠋ᠦ ᠬᠢᠯᠢᠰᠳᠡᠬᠦ ᠦᠭᠡᠢ ᠃

– ᠣᠳᠤ ᠲᠠ ᠶᠠᠮᠠᠷ ᠣᠷᠠᠨ ᠪᠦᠲᠦᠭᠡᠯ ᠬᠢᠵᠦ ᠪᠠᠢᠨ᠎ᠠ ᠪᠤᠢ ︖

– ᠡᠨᠡ ᠵᠢᠯ《ᠵᠤᠪᠠᠭᠰᠠᠨ ᠰᠦᠨ》ᠭᠡᠵᠦ ᠨᠢᠭᠡ ᠨᠣᠮ ᠭᠠᠷᠭᠠᠭᠰᠠᠨ᠃ ᠲᠡᠷᠡ ᠨᠣᠮ ᠤᠨ ᠢᠶᠠᠨ ᠳᠠᠷᠠᠭ᠎ᠠ 《ᠬᠦᠨᠳᠦ ᠮᠠᠨᠠᠨ》ᠭᠡᠵᠦ ᠰᠢᠯᠦᠭ ᠤᠨ ᠨᠣᠮ ᠭᠠᠷᠭᠠᠬᠣ ᠭᠡᠵᠦ ᠪᠠᠢᠨ᠎ᠠ᠃ ᠪᠢ ᠶᠡᠷᠦ ᠨᠢ ᠵᠦᠭᠡᠷ ᠰᠠᠭᠤᠵᠤ ᠴᠢᠳᠠᠳᠠᠭ ᠦᠭᠡᠢ ᠶᠤᠮ᠃ ᠮᠢᠨᠦ ᠶᠠᠪᠣᠬᠤ ᠨᠢ ᠪᠠᠭ᠎ᠠ᠂ ᠰᠠᠭᠣᠬᠣ ᠶᠡᠬᠡ ᠪᠠᠢᠨ᠎ᠠ ᠰᠢᠣ ᠳ᠋ᠠ ᠃

– ᠠᠯᠪᠠᠨ ‍ᠥ ᠠᠵᠢᠯ ᠬᠢᠵᠦ ᠪᠠᠢᠨ᠎ᠠ ᠤᠤ ︖

– ᠣᠳᠤ ᠲᠡᠳᠬᠦᠪᠦᠷᠢ ᠳ᠋ᠦ ᠭᠠᠷᠤᠯ᠎ᠠ ᠳ᠋ᠠ᠃ ᠡᠨᠳᠡ ᠲᠡᠨᠳᠡ ᠵᠦᠪᠯᠡᠬᠦ ᠠᠵᠢᠯ ᠪᠠᠢᠬᠤ ᠶᠤᠮ ᠃ ᠣᠯᠠᠨ  ᠭᠠᠵᠠᠷ ᠨᠠᠮᠠᠢᠢ 《ᠬᠡᠷᠡᠭ᠍ᠯᠡᠳᠡᠭ》ᠯᠠ ᠳ᠋ᠠ᠃ ᠪᠢ ᠪᠠᠰᠠ ᠲᠡᠳᠡᠨ ‍ᠢ《ᠬᠡᠷᠡᠭ᠍ᠯᠡᠳᠡᠭ》᠂ ᠣᠷᠠᠨ ᠪᠦᠲᠦᠭᠡᠯ ᠤᠨ ᠵᠢᠡᠨ ᠵᠠᠪᠰᠠᠷ ᠴᠢᠯᠦᠭᠡ ᠪᠡᠷ ᠢᠶᠡᠨ《ᠮᠣᠩᠭᠣᠯ ᠲᠣᠯᠭᠠᠲᠠᠨ ‍ᠥ ᠵᠠᠭᠣᠨ ᠡᠷᠬᠢᠮ 》 ᠢ ᠬᠢᠵᠤ ᠪᠠᠢᠨ᠎ᠠ᠃

– ᠲᠡᠷᠡ ᠨᠡᠪᠲᠡᠷᠡᠭᠦᠯᠭᠡ ᠳᠠᠭᠤᠰᠬᠤ ᠲᠦᠬᠦᠵᠦ ᠪᠠᠢᠭ᠎ᠠ ᠤᠤ ︖

– ᠪᠤᠯᠤᠭ᠎ᠠ ᠦᠭᠡᠢ ᠡ᠃ 40 ᠭᠠᠷᠴᠤ ᠯᠠ ᠪᠠᠢᠭ᠎ᠠ ᠪᠠᠢᠬ᠎ᠠ᠃ ᠵᠦᠭᠡᠷ ᠰᠠᠭᠤᠬᠤ ᠦᠭᠡᠢ ᠶᠣᠮ ᠰᠠᠨ ᠃ ᠠᠮᠢᠳᠤ ᠳ᠋ᠠᠭᠠᠨ ᠦᠬᠦᠬᠦ  ᠦᠭᠡᠢ ᠶᠣᠮ ᠰᠠᠨ ᠭᠡᠵᠦ ᠶᠡᠬᠡ ᠪᠣᠳᠣᠬᠣ ᠶᠤᠮ᠃

– ᠬᠠᠵᠠᠭᠤ ᠪᠡᠷ ᠨᠢ ᠨᠣᠮ ᠶᠡᠬᠡ ᠣᠩᠰᠢᠵᠦ ᠪᠠᠢᠨ᠎ᠠ ᠤᠤ ︖

– ᠣᠩᠰᠢᠬᠤ ᠦᠭᠡᠢ ᠪᠠᠢᠨ᠎ᠠ ᠭᠡᠳᠡᠭ ᠪᠤᠯ ᠦᠬᠦᠨ᠎ᠡ ᠭᠡᠰᠡᠨ ᠦᠭᠡ ᠰᠢᠣ ᠳ᠋ᠠ᠃ ᠵᠠᠯᠠᠭᠤ ᠵᠤᠬᠢᠶᠠᠯᠴᠢᠳ ᠨᠣᠮ ᠢᠶᠠᠨ ᠶᠡᠬᠡ ᠦᠭ᠍ᠭᠦᠨ᠎ᠡ᠃ ᠲᠡᠭᠦᠨ ᠢ ᠪᠢ ᠵᠠᠪᠠᠯ ᠣᠩᠰᠢᠳᠠᠭ᠃ ᠣᠷᠴᠢᠨ ᠦᠶ᠎ᠡ ᠶᠢᠨ ᠵᠠᠯᠠᠭᠤᠰ ᠶᠠᠭᠤ ᠬᠢᠵᠦ ᠪᠠᠢᠨ᠎ᠠ ᠪᠤᠢ ᠭᠡᠳᠡᠭ ‍ᠢ ᠮᠡᠳᠡᠵᠦ ᠪᠠᠢᠬᠤ ᠶᠤᠰᠤᠲᠠᠢ᠃ ᠦᠪᠡᠷ ᠤᠨ ᠵᠢᠡᠨ ᠣᠨ ᠴᠠᠭ ‍ᠢ ᠮᠡᠳᠡᠷᠡᠵᠤ ᠠᠮᠢᠳᠣᠷᠠᠬᠣ ᠶᠤᠰᠤᠲᠠᠢ ᠭᠡᠵᠦ ᠪᠣᠳᠣᠳᠠᠭ᠃ ᠠᠮᠢᠨ ᠳ᠋ᠠᠭᠠᠨ ᠶᠡᠬᠡ ᠵᠠᠪ ᠦᠭᠡᠢ ᠯᠨ ᠪᠠᠢᠬᠤ ᠶᠤᠮ᠃ ᠲᠡᠳᠭᠦᠪᠦᠷᠢ ᠶᠢᠨ ᠡᠪᠦᠭᠡᠨ ᠵᠠᠪ ᠦᠭᠡᠢ ᠪᠠᠢᠨ᠎ᠠ ᠭᠡᠬᠦ ᠪᠡᠷ ᠢᠨᠢᠶᠡᠳᠦ ᠲᠠᠢ ᠪᠠᠢᠬ᠎ᠠ᠃

– ᠷᠸᠳᠠᠺᠲ᠋ᠣᠷᠯᠠᠭᠣᠯᠬᠣ︵ ᠵᠠᠰᠠᠵᠤ ᠨᠠᠢᠷᠠᠭᠤᠯᠬᠤ︶ᠠᠵᠢᠯ ᠶᠡᠬᠡ ᠢᠷᠡᠬᠦ ᠤᠤ ︖

– ᠲᠡᠢᠮᠤ ᠠᠵᠢᠯ ᠬᠢᠵᠦ ᠦᠭ᠍ᠭᠦᠨ᠎ᠡ ᠡ᠃ ᠣᠷᠤᠰᠢᠯ ᠪᠢᠴᠢᠬᠦ᠂ ᠳᠠᠭᠤᠤ ᠶᠢᠨ ᠰᠢᠯᠦᠭ ᠭᠡᠳ ᠡᠯᠳᠡᠪ ᠤᠨ ᠶᠠᠭᠤᠮ᠎ᠠ ᠢᠷᠡᠨ᠎ᠡ ᠃

– ᠰᠡᠭᠦᠯ ᠳ᠋ᠦ ᠲᠠ ᠶᠠᠮᠠᠷ ᠨᠣᠮ ᠣᠩᠰᠢᠪᠠ ︖

– ᠬᠠᠮᠤᠭ ᠤᠨ ᠰᠡᠭᠦᠯ ᠳ᠋ᠦ ᠦᠪᠦᠷ ᠮᠣᠩᠭᠣᠯ ᠤᠨ ᠠᠯᠳᠠᠨᠸᠴᠢᠷ ᠭᠡᠵᠦ ᠬᠦᠮᠦᠨ ‍ᠥ ᠪᠢᠴᠢᠭ᠍ᠰᠡᠨ ᠴᠢᠩᠭᠢᠰ ᠬᠠᠭᠠᠨ ‍ᠥ ᠪᠠᠢᠯᠳᠤᠨ ᠳᠠᠭᠠᠭᠤᠯᠤᠯ ᠤᠨ ᠲᠤᠬᠠᠢ ᠨᠣᠮ ‍ᠢ ᠬᠠᠷᠠᠯ᠎ᠠ᠃

– ᠲᠠ ᠬᠦᠮᠦᠨ ᠶᠡᠬᠡ ᠣᠬᠢᠯᠠᠭᠤᠯᠬᠤ ᠶᠤᠮ᠃《ᠮᠣᠩᠭᠣᠯ ᠲᠣᠯᠭᠠᠲᠠᠨ ‍ᠥ ᠵᠠᠭᠣᠨ ᠡᠷᠬᠢᠮ》ᠳ᠋ᠦ ᠣᠷᠤᠭᠰᠠᠨ ᠬᠦᠮᠦᠨ ᠪᠣᠯᠭᠠᠨ ᠪᠠᠷᠣᠭ ᠣᠬᠢᠯᠠᠳᠠᠭ᠃ ᠬᠠᠷᠢᠨ ᠲᠠ ᠨᠢᠯᠪᠤᠰᠣ ᠬᠢᠷᠢ ᠣᠢᠷᠠᠬᠠᠨ ᠬᠦᠮᠦᠨ ᠪᠤᠢ

– ᠰᠡᠳᠭᠢᠯ ᠨᠢ ᠬᠦᠳᠡᠯᠦᠭᠡᠳ ᠯᠠ ᠲᠡᠳᠡ ᠣᠬᠢᠯᠠᠳᠠᠭ ᠭᠡᠵᠦ ᠪᠣᠳᠣᠳᠠᠭ᠃ ᠶᠡᠷᠦ ᠨᠢ ᠬᠦᠮᠦᠨ ᠬᠤᠳᠠᠯ ᠣᠬᠢᠯᠠᠵᠤ ᠪᠤᠯᠳᠠᠭ ᠦᠭᠡᠢ᠂ ᠬᠠᠷᠢᠨ ᠬᠤᠳᠠᠯ ᠢᠨᠢᠶᠡᠵᠤ ᠪᠤᠯᠳᠠᠭ᠃ ᠪᠢ ᠪᠤᠯ ᠶᠡᠬᠡ ᠣᠶᠠᠬᠠᠨ ᠬᠦᠮᠦᠨ ᠰᠢᠣ ᠳ᠋ᠠ᠃ ᠭᠡᠬᠦ ᠳ᠋ᠡᠭᠡᠨ ᠳᠠᠭᠠᠭᠠᠳ ᠣᠬᠢᠯᠠᠭᠠᠳ ᠪᠠᠢᠬᠤ ᠦᠭᠡᠢ ᠶᠤᠮ ᠯᠠ ᠳ᠋ᠠ᠃ ᠲᠡᠪᠴᠢᠬᠦ ᠶᠤᠮ᠃ ᠲᠡᠭᠦᠨ ᠡᠴᠡ ᠪᠢᠰᠢ ᠣᠬᠢᠯᠠᠴᠢᠬᠠᠮᠠᠷ ᠭᠱᠠᠨ ᠵᠦᠩᠳᠡᠭᠡᠨ ᠯᠠ ᠪᠠᠢᠳᠠᠭ᠃

–  ᠲᠠ ᠦᠪᠡᠷ ᠢᠶᠠᠨ ᠨᠡᠪᠳᠡᠷᠡᠬᠦᠯᠭᠡ︵《ᠮᠣᠩᠭᠣᠯ ᠲᠣᠯᠭᠠᠲᠠᠨ ‍ᠥ ᠵᠠᠭᠣᠨ ᠡᠷᠬᠢᠮ》︶ ᠳ᠋ᠦ ᠪᠡᠨ ᠣᠷᠣᠨ᠎ᠠ ᠭᠡᠵᠦ ᠰᠣᠨᠣᠰᠤᠭᠰᠠᠨ᠃

–  ᠲᠡᠷᠡ ᠲᠤᠬᠠᠢ ᠪᠢᠴᠢᠵᠦ ᠯᠠ ᠪᠠᠢᠭ᠎ᠠ᠃ ᠵᠢᠭᠠᠬᠠᠨ ᠠᠵᠠᠨᠠᠳᠠᠭ ᠶᠤᠮ ᠤᠤ ᠯᠠ ᠭᠡᠵᠦ ᠪᠤᠳᠤᠵᠤ ᠪᠠᠢᠨ᠎ᠠ ᠃

– ᠳᠠᠩᠳᠠ ᠯᠠ ᠪᠤᠯᠵᠤ ᠪᠦᠲᠦᠬᠦ ᠦᠭᠡᠢ ᠶᠠᠭᠣᠮᠠᠨ ‍ᠣ ᠲᠤᠬᠠᠢ ᠶᠠᠷᠢᠬᠤ ᠪᠣᠯᠣᠭᠰᠠᠨ ᠡᠨᠡ ᠦᠶ᠎ᠡ ᠳ᠋ᠦ ᠲᠠᠨ ᠲᠠᠢ ᠰᠠᠢᠬᠠᠨ ᠵᠦᠢᠯ ᠤᠨ ᠲᠠᠯ᠎ᠠ ᠪᠡᠷ ᠶᠠᠷᠢᠯᠴᠠᠪᠠᠯ ᠶᠠᠭᠠᠬᠢᠭ᠌ᠰᠠᠨ ᠶᠤᠮ ᠪᠤᠢ ᠭᠡᠵᠦ ᠪᠣᠳᠣᠭᠰᠠᠨ ᠃ ᠠᠪᠣ ᠵᠢᠨ ᠲᠤᠬᠠᠢ《ᠨᠢᠯᠪᠣᠰᠤ ᠲᠠᠢ ᠳᠤᠷᠠᠰᠤᠮᠵᠢ 》ᠵᠢ ᠣᠩᠰᠢᠭ᠌ᠰᠠᠨ ᠡᠴᠡ ᠣᠯᠪᠠᠭᠠᠯᠠᠭᠠᠳ᠂ ᠲᠠᠨ ‍ᠥ ᠦᠷ᠎ᠠ ᠬᠡᠤᠬᠡᠳ ᠵᠢᠡᠨ ᠬᠠᠢᠷᠠᠯᠠᠬᠤ ᠬᠠᠢᠷ᠎ᠠ ᠶᠠᠮᠠᠷ ᠪᠠᠢᠳᠠᠭ ‍ᠢ ᠠᠰᠠᠭᠣᠬᠣ ᠵᠢ ᠬᠦᠰᠡᠭ᠍ᠰᠡᠨ ᠶᠤᠮ ᠃

– ᠬᠠᠢᠷ᠎ᠠ ᠶᠢᠨ ᠣᠳᠤᠷᠢᠳᠬᠠᠯ ᠨᠢ ᠬᠦᠨᠳᠦᠳᠭᠡᠯ ᠰᠢᠣ ᠳ᠋ᠠ᠃ ᠦᠷ᠎ᠠ ᠵᠢ᠂ ᠨᠠᠰᠣᠲᠠᠨ ‍ᠢ᠂ ᠰᠠᠢᠨ ᠨᠦᠬᠦᠳ ‍ᠢ ᠴᠦ ᠭᠡᠰᠡᠨ ᠡᠬᠢᠯᠡᠵᠦ ᠬᠦᠨᠳᠦᠳᠭᠡᠬᠦ ᠬᠡᠷᠡᠭ᠍ᠲᠡᠢ᠃ ᠲᠡᠭᠡᠵᠦ ᠪᠠᠢᠵᠤ ᠲᠡᠷᠡ ᠨᠢ ᠣᠨ ᠴᠠᠭ ᠤᠨ ᠣᠷᠳᠤ ᠳ᠋ᠦ ᠶᠡᠬᠡ ᠬᠠᠢᠷ᠎ᠠ ᠪᠤᠯᠳᠠᠭ᠃ ᠶᠡᠷᠦ ᠨᠢ ᠶᠢᠷᠳᠢᠨᠴᠣ ᠵᠢ ᠬᠠᠢᠷᠠᠯᠠᠵᠦ ᠬᠠᠷᠠᠨ᠎ᠠ ᠭᠡᠳᠡᠭ ᠪᠤᠯ ᠨᠡᠯᠢᠶᠡᠳ ᠦᠭ᠍ᠭᠢᠶᠡᠮᠦᠷ ᠬᠦᠮᠦᠨ ‍ᠥ ᠰᠢᠨᠵᠢ ᠯᠠ ᠳ᠋ᠠ᠃ ᠬᠤᠷᠸ᠎ᠠ ᠬᠦᠮᠦᠨ ‍ᠢ ᠬᠠᠢᠷᠠᠯᠠᠬᠣ ᠦᠭᠡᠢ ᠪᠠᠢᠵᠤ  ᠪᠤᠯᠤᠨ᠎ᠠ᠃ ᠬᠣᠷᠸ᠎ᠠ ᠵᠢ ᠬᠠᠢᠷᠠᠯᠠᠵᠦ ᠠᠮᠢᠳᠤᠷᠠᠨ᠎ᠠ ᠰᠢᠣ ᠳ᠋ᠠ᠃ ᠬᠠᠢᠷ᠎ᠠ ᠣᠯᠠᠨ ᠶᠠᠩᠵᠤ ᠪᠡᠷ ᠢᠯᠡᠷᠡᠵᠤ ᠪᠤᠯᠤᠨ᠎ᠠ᠃ ᠬᠠᠮᠤᠭ ᠤᠨ ᠭᠤᠣᠯ ᠨᠢ ᠰᠡᠳᠭᠢᠯ ᠤᠨ ᠬᠦᠨ ᠳ᠋ᠡᠭᠡᠨ ᠬᠠᠢᠷᠠᠯᠠᠬᠤ ᠭᠡᠳᠡᠭ ᠶᠠᠭᠤᠮ᠎ᠠ ᠯᠠ ᠪᠠᠢᠭ᠎ᠠ ᠶᠤᠮ᠃ ᠪᠢ ᠨᠢᠯᠠᠭᠣᠷᠠᠬᠣ ᠶ᠋ᠢ ᠬᠠᠢᠷ᠎ᠠ ᠭᠡᠵᠦ ᠪᠤᠳᠤᠳᠠᠭ ᠦᠭᠡᠢ᠃ ᠮᠠᠷᠳᠠᠬᠤ ᠦᠭᠡᠢ ᠪᠠᠢᠬᠤ ᠵᠢ ᠬᠠᠢᠷ᠎ᠠ ᠭᠡᠨ᠎ᠡ᠃ ᠪᠢ ᠬᠡᠤᠬᠡᠳ ᠤᠤᠨ ᠤᠨ ᠢᠶᠠᠨ ᠠᠰᠠᠭᠣᠳᠠᠯ ᠳ᠋ᠦ ᠨᠢᠭᠡ ᠶᠡᠬᠡ ᠣᠷᠤᠯᠴᠠᠳᠠᠭ ᠦᠭᠡᠢ᠃ ᠬᠡᠤᠬᠡᠳ ᠤᠤᠨ ᠢᠶᠠᠨ ᠵᠢᠮᠡᠯᠡᠭᠡᠳ ᠦᠭᠦᠯᠡᠭᠡᠳ ᠪᠠᠢᠳᠠᠭ ᠴᠦ ᠦᠭᠡᠢ᠃ ᠪᠢᠳᠡ ᠵᠡᠷᠭᠡᠴᠡᠨ ᠠᠮᠢᠳᠤᠷᠠᠵᠤ᠂ ᠵᠡᠷᠭᠡᠴᠡᠨ ᠦᠰᠳᠡᠭ᠃ ᠪᠢ ᠦᠲᠡᠯᠳᠡᠭ᠂ ᠲᠡᠳᠡ ᠦᠰᠳᠡᠭ᠃ ᠶᠠᠮᠠᠷ ᠪᠠᠢᠬᠤ ᠵᠢ ᠨᠢ ᠵᠢᠭᠠᠭᠠᠳ᠂ ᠶᠠᠭᠠᠬᠢᠵᠤ ᠶᠠᠪᠤᠬᠣ ᠵᠢ ᠨᠢ ᠲᠦᠰᠦᠭᠡᠯᠡᠭᠡᠳ ᠪᠠᠢᠬᠤ ᠳᠤᠷ᠎ᠠ ᠦᠭᠡᠢ ᠯᠠ ᠳ᠋ᠠ᠃ ᠬᠦᠮᠦᠨ ᠳ᠋ᠦ ᠦᠪᠡᠷ ᠲᠦ ᠣᠨᠣᠭᠳᠠᠭᠰᠠᠨ ᠣᠬᠠᠭᠠᠨ᠂ ᠦᠵᠡᠨ ᠶᠠᠳᠠᠬᠣ᠂ ᠬᠠᠢᠷᠠᠯᠠᠬᠤ᠂ ᠭᠤᠮᠤᠳᠠᠬᠤ᠂ ᠬᠠᠷᠠᠭᠤᠰᠠᠯ ᠣᠢᠳᠬᠠᠷ ᠭᠡᠵᠦ ᠪᠠᠢᠭ᠎ᠠ ᠃

– ᠭᠡᠬᠦ ᠳ᠋ᠡᠭᠡᠨ ᠬᠡᠯᠡᠬᠦ ᠰᠣᠷᠭᠠᠬᠣ ᠵᠦᠢᠯ ᠢᠶᠡᠨ ᠬᠡᠯᠡᠨ᠎ᠡ ᠯᠠ ᠪᠢᠵᠠ ᠳ᠋ᠠ︖

– ᠬᠦᠮᠦᠨ ᠰᠤᠷᠭᠠᠯ ᠢᠶᠠᠷ ᠬᠦᠮᠦᠨ ᠪᠤᠯᠳᠠᠭ ᠦᠭᠡᠢ ᠶᠤᠮ᠃ ᠦᠪᠡᠷ ᠢᠶᠠᠨ ᠲᠠᠭᠣᠷᠢᠶᠠᠯ ᠲᠠᠢ ᠪᠠᠢᠵᠤ ᠯᠠ ᠬᠦᠮᠦᠨ ᠪᠤᠯᠭᠠᠨ᠎ᠠ ᠰᠢᠣ ᠳ᠋ᠠ᠃ ᠪᠢ ᠬᠦᠮᠦᠨ ᠲᠠᠭᠤᠷᠢᠶᠠᠵᠦ ᠯᠠ ᠬᠦᠮᠦᠨ ᠪᠣᠯᠣᠭᠰᠠᠨ᠃ ᠲᠡᠭᠦᠨ ᠡᠴᠡ ᠪᠢᠰᠢ ᠰᠣᠷᠭᠠᠮᠵᠢᠯᠠᠭᠣᠯᠣᠭᠠᠳ ᠬᠦᠮᠦᠨ ᠪᠣᠯᠴᠢᠬᠠᠭᠰᠠᠨ ᠶᠤᠮ ᠪᠢᠰᠢ᠃ ᠣᠳᠤ ᠬᠠᠷᠢᠨ ᠨᠠᠰᠤ ᠠᠬᠢᠬᠣ ᠪᠠᠷ ᠲᠠ ᠰᠣᠷᠭᠠᠮᠵᠢ ᠬᠡᠯᠡᠨ᠎ᠡ ᠤᠤ ᠭᠡᠵᠡᠭᠡᠬᠦ ᠶᠤᠮ᠃ ᠦᠪᠡᠷ ᠢᠶᠠᠨ ᠯᠠ ᠦᠯᠢᠭᠡᠷ ᠦᠵᠡᠭᠦᠯ᠃ ᠵᠦᠪ ᠵᠢᠡᠷ ᠭᠦᠷᠳᠡᠭᠦᠢ ᠪᠣᠯᠭᠠᠨ ‍ᠢ ᠨᠢ ᠦᠵᠡᠭᠦᠯᠵᠦ ᠬᠠᠷᠠᠭᠤᠯᠬᠤ ᠶᠤᠰᠤᠲᠠᠢ ᠭᠡᠵᠦ ᠪᠣᠳᠣᠳᠠᠭ᠃ ᠶᠡᠷᠦ ᠨᠢ ᠬᠦᠮᠦᠨ ᠳ᠋ᠦ ᠦᠵᠡᠬᠦ᠂ ᠦᠯᠦ ᠦᠵᠡᠬᠦ ᠶᠣᠰᠣ ᠲᠠᠢ ᠶᠠᠭᠤᠮ᠎ᠠ ᠭᠡᠵᠦ ᠪᠠᠢᠳᠠᠭ ᠰᠢᠭ᠋ ᠪᠠᠢᠭ᠎ᠠ ᠶᠤᠮ ᠃ ᠲᠡᠷᠡ ᠵᠠᠮ ᠵᠢᠡᠷ ᠵᠢᠡᠨ ᠶᠠᠪᠤᠭ ᠯᠠ ᠭᠡᠵᠦ ᠪᠣᠳᠣᠳᠠᠭ ᠃

– ᠭᠡᠬᠦ ᠳ᠋ᠡᠭᠡᠨ ᠬᠡᠤᠬᠡᠳ ᠬᠡᠳᠦ ᠲᠤᠷ᠎ᠠ ᠪᠠᠷ ᠢᠶᠠᠨ ᠪᠠᠢᠭᠰᠠᠨ ᠡᠴᠡ ᠪᠡᠨ ᠪᠤᠯᠤᠭᠠᠳ ᠠᠯᠳᠠᠭ᠎ᠠ ᠭᠠᠷᠭᠠᠪᠠᠯ ᠡᠨᠡ ᠬᠤᠪᠢ ᠬᠦᠮᠦᠨ ‍ᠥ ᠠᠰᠠᠭᠣᠳᠠᠯ ᠭᠡᠵᠦ ᠬᠠᠨᠳᠤᠨ᠎ᠠ ᠭᠡᠵᠦ ᠤᠤ ︖

– ᠮᠢᠨᠦ ᠬᠡᠤᠬᠡᠳ ᠤᠤᠨ ᠶᠠᠭᠠᠬᠢᠭᠠᠳ ᠠᠯᠳᠠᠵᠦ ᠪᠤᠯᠳᠠᠭ ᠦᠭᠡᠢ ᠶᠤᠮ ᠪᠤᠢ᠃ ᠠᠯᠳᠠᠭ᠎ᠠ ᠬᠦᠮᠦᠨ ᠳ᠋ᠦ ᠪᠠᠢᠳᠠᠭ ᠪᠢᠵᠠ ᠳ᠋ᠠ᠃ ᠠᠯᠳᠠᠵᠦ ᠣᠨᠣᠵᠦ᠂ ᠭᠤᠨᠢᠵᠦ ᠪᠠᠶᠠᠷᠯᠠᠵᠣ ᠪᠤᠯᠤᠨ᠎ᠠ᠃ ᠪᠦᠬᠦ ᠯᠠ ᠵᠦᠢᠯ ᠦᠪᠡᠷ ᠲᠦ ᠨᠢ ᠦᠭ᠍ᠭᠦᠭ᠍ᠳᠡᠭ᠍ᠰᠡᠨ ᠰᠢᠣ ᠳ᠋ᠠ᠃ ᠦᠪᠡᠷᠰᠡᠳ ᠢᠶᠠᠨ ᠠᠯᠳᠠᠭ᠎ᠠ ᠦᠭᠡᠢ ᠠᠮᠢᠳᠤᠷᠠᠭᠰᠠᠨ ᠮᠡᠳᠦ ᠬᠦᠭ᠍ᠰᠢᠴᠦᠳ ᠲᠡᠭᠡᠷ᠎ᠡ ᠡᠴᠡ ᠨᠢᠭᠡ ᠶᠡᠬᠡ ᠰᠣᠷᠭᠠᠯ ᠠᠢᠯᠠᠳᠬᠤ ᠶᠤᠮ᠃ ᠪᠢᠳᠡᠨ ‍ᠥ ᠠᠮᠢᠳᠤᠷᠠᠯ ᠠᠯᠳᠠᠭ᠎ᠠ ᠣᠨᠣᠭ᠎ᠠ ᠬᠤᠶᠠᠷ ᠤᠨ ᠠᠯᠠᠭ ᠡᠷᠢᠶᠡᠨ ᠪᠠᠢᠭᠰᠠᠨ᠃ ᠰᠡᠬᠦᠳᠡᠷ ᠦᠭᠡᠢ ᠴᠢᠯᠠᠭᠤ ᠭᠡᠵᠦ ᠪᠠᠢᠳᠠᠭ ᠦᠭᠡᠢ ᠰᠢᠭ ᠠᠯᠳᠠᠭ᠎ᠠ ᠦᠭᠡᠢ ᠬᠦᠮᠦᠨ ᠭᠡᠵᠦ ᠪᠠᠢᠬᠤ  ᠦᠭᠡᠢ᠃

– ᠲᠠ ᠠᠢᠯ ᠤᠨ ᠭᠠᠭᠴᠠ ᠬᠡᠤᠬᠡᠳ ᠪᠠᠢᠭᠰᠠᠨ᠃ ᠬᠠᠢᠷ᠎ᠠ ᠳ᠋ᠦ ᠬᠢᠷᠢ ᠳᠠᠪᠠᠷᠠᠵᠤ ᠦᠰᠦᠭ᠍ᠰᠡᠨ ᠬᠡᠤᠬᠡᠳ ᠪᠤᠢ ︖

– ᠠᠪᠣ᠂ ᠢᠵᠢᠢ ᠬᠣᠶᠠᠷ ᠮᠢᠨᠢ ᠣᠬᠠᠭᠠᠨ ᠲᠠᠢ ᠪᠤᠯᠤᠭᠠᠳ ᠨᠠᠮᠠᠢᠢ ᠶᠡᠬᠡ ᠵᠦᠪ ᠬᠠᠢᠷᠠᠯᠠᠭᠰᠠᠨ ᠪᠠᠢᠬᠤ ᠭᠡᠵᠦ ᠪᠣᠳᠣᠳᠠᠭ᠃ ᠪᠢ ᠵᠦᠪ ᠬᠠᠢᠷ᠎ᠠ ᠳ᠋ᠦ ᠦᠰᠦᠭ᠍ᠰᠡᠨ᠃ ᠲᠠᠪᠠᠷᠠᠬᠣ ᠶ᠋ᠢᠨ ᠲᠤᠬᠠᠢ ᠳ᠋ᠦ ᠪᠤᠯ ᠪᠢ ᠶᠡᠷᠦ ᠡᠴᠡ ᠪᠡᠨ ᠲᠡᠭᠡᠵᠦ ᠴᠢᠳᠠᠳᠠᠭ ᠦᠭᠡᠢ ᠬᠦᠮᠦᠨ᠃ ᠬᠦᠮᠦᠨ ᠨᠠᠮᠠᠢᠢ ᠮᠠᠭᠳᠠᠵᠤ ᠪᠠᠢᠨ᠎ᠠ ᠭᠡᠳ ᠬᠦᠬᠡᠷᠬᠦ᠂ ᠮᠠᠭᠣᠯᠠᠵᠣ ᠪᠠᠢᠨ᠎ᠠ ᠭᠡᠳ ᠭᠤᠮᠤᠳᠠᠬᠤ ᠶᠠᠭᠤᠮ᠎ᠠ ᠨᠠᠳᠠᠳᠦ ᠶᠡᠷᠦ ᠪᠠᠢᠬᠤ ᠦᠭᠡᠢ᠃ ᠨᠠᠳᠠᠳᠦ ᠠᠲᠠᠭᠠᠷᠬᠠᠬᠣ ᠬᠠᠮᠢᠶ᠎ᠠ ᠦᠭᠡᠢ᠃ ᠪᠢ ᠣᠯᠠᠨ ᠶᠠᠭᠤᠮᠠᠨ ᠡᠴᠡ ᠶᠡᠬᠡ ᠬᠠᠮᠢᠶᠠᠷᠤᠯ ᠦᠭᠡᠢ ᠦᠰᠦᠭ᠍ᠰᠡᠨ ᠰᠢᠭ ᠪᠠᠢᠭ᠎ᠠ ᠶᠤᠮ᠃ ᠲᠡᠷᠡ ᠮᠢᠨᠢ ᠨᠠᠳᠠᠳᠦ ᠵᠤᠯ ᠪᠤᠯᠵᠤ ᠶᠠᠩᠵᠦ ᠪᠦᠷᠢ ᠪᠡᠷ ᠬᠡᠯᠡᠭ᠍ᠳᠡᠬᠦ ᠨᠢ ᠬᠦᠷᠲᠡᠭᠡᠯ ᠦᠭᠡᠢ ᠰᠠᠨᠠᠭᠳᠠᠳᠠᠭ᠃ ᠯᠾᠬᠠᠪᠠᠰᠦ᠋ᠷᠦᠩ ᠭᠡᠬᠦ ᠬᠦᠮᠦᠨ ᠣᠷᠣᠭᠣ ᠳᠠᠭᠠᠷᠢᠵᠤ ᠪᠠᠢᠭ᠎ᠠ ᠪᠢᠰᠢ᠂ ᠯᠾᠬᠠᠪᠠᠰᠦ᠋ᠷᠦᠩ ᠳ᠋ᠦ ᠪᠠᠢᠬᠤ ᠦᠭᠡᠢ ᠨᠢᠭᠡ ᠬᠢᠮᠡᠯ ᠬᠦᠮᠦᠨ ᠣᠷᠣᠭᠣ ᠲᠠᠭᠠᠷᠢᠭᠠᠳ ᠪᠠᠢᠭ᠎ᠠ ᠮᠡᠳᠦ ᠰᠠᠨᠠᠭᠳᠠᠳᠠᠭ᠃ ᠮᠢᠨᠦ ᠮᠦᠨ ᠴᠢᠨᠠᠷ ᠲᠦ ᠪᠠᠢᠬᠤ ᠦᠭᠡᠢ ᠪᠤᠯᠬᠤᠷ ᠨᠠᠳᠠᠳᠦ ᠬᠠᠮᠢᠶ᠎ᠠ ᠴᠦ ᠦᠭᠡᠢ᠃ ᠪᠢ ᠲᠡᠢᠮᠦ ᠯᠠ ᠣᠷᠴᠢᠨ ᠳ᠋ᠦ ᠦᠰᠦᠭ᠍ᠰᠡᠨ ᠃《ᠦᠬᠦᠳᠡᠯ᠎ᠡ》 ᠪᠠᠨ  ᠡᠷᠬᠡᠯᠡᠭᠦᠯᠦᠭ᠍ᠰᠡᠨ᠃ ᠡᠷᠬᠡᠯᠡᠭᠦᠯᠬᠦ ᠲᠡᠷᠡ ᠬᠡᠮᠵᠢᠶ᠎ᠠ ᠵᠢ ᠠᠪᠣ᠂ ᠢᠵᠢᠢ ᠬᠣᠶᠠᠷ ᠮᠢᠨᠢ ᠶᠡᠬᠡ ᠲᠠᠭᠠᠷᠠᠭᠤᠯᠤᠭᠰᠠᠨ ᠰᠢᠭ᠋ ᠪᠠᠢᠭ᠎ᠠ ᠶᠤᠮ ᠃ ᠪᠢ ᠲᠡᠭᠦᠨ ‍ᠢ ᠨᠢ ᠦᠨ᠎ᠡ ᠲᠠᠢ ᠶᠠᠭᠤᠮ᠎ᠠ ᠭᠡᠵᠦ ᠮᠡᠳᠡᠳᠡᠭ ᠦᠭᠡᠢ ᠪᠠᠢᠵᠤ ᠯᠠ ᠳ᠋ᠠ᠃ ᠦᠬᠦᠭ᠍ᠰᠡᠨ ᠬᠣᠢᠨ᠎ᠠ ᠨᠢ ᠯᠠ ᠠᠭᠣᠣ ᠶᠡᠬᠡ ᠦᠨ᠎ᠡ ᠲᠠᠢ ᠬᠠᠢᠷ᠎ᠠ ᠪᠠᠢᠵᠤ ᠳ᠋ᠠ ᠭᠡᠵᠦ ᠮᠡᠳᠡᠷᠡᠵᠤ ᠪᠠᠢᠨ᠎ᠠ ᠰᠢᠣ ᠳ᠋ᠠ᠃ ᠮᠣᠩᠬᠠᠭ ᠤᠨ ᠰᠠᠨᠠᠬᠤ ᠨᠢ ᠬᠣᠢᠨ᠎ᠠ ᠭᠡᠵᠦ᠃ ᠪᠢ ᠴᠢᠨᠢ ᠮᠣᠩᠬᠠᠭ ᠬᠦᠮᠦᠨ ᠰᠢᠣ ᠳ᠋ᠠ᠃

– ᠲᠠᠨ ‍ᠢ ᠬᠡᠳᠦᠨ ᠨᠠᠰᠤ ᠲᠠᠢ ᠪᠠᠢᠬᠤ ᠳ᠋ᠦ ᠠᠪᠣ᠂ ᠡᠵᠢ ᠴᠢᠨᠢ ᠦᠭᠡᠳᠡ ᠪᠣᠯᠣᠭᠰᠠᠨ ᠪᠤᠢ

– ᠢᠵᠢᠢ ᠮᠢᠨᠢ ᠨᠠᠮᠠᠢᠢ 25 ᠲᠠᠢ ᠪᠠᠢᠬᠤ ᠳ᠋ᠦ ᠲᠦᠴᠢᠨ ᠲᠦᠷᠪᠡᠬᠡᠨ ᠨᠠᠰᠣᠨ ᠳ᠋ᠠᠭᠠᠨ ᠦᠭᠡᠳᠡ ᠪᠣᠯᠣᠭᠰᠠᠨ᠃ ᠢᠵᠢᠢ ᠡᠴᠡ ᠪᠡᠨ ᠡᠷᠲᠠ ᠰᠠᠯᠤᠭᠰᠠᠨ ᠃

– ᠲᠡᠭᠡᠵᠦ ᠶᠡᠬᠡ ᠬᠠᠢᠷᠠᠯᠠᠭᠤᠯᠵᠤ ᠦᠰᠦᠭ᠍ᠰᠡᠨ ᠬᠦᠮᠦᠨ ᠬᠠᠭᠠᠴᠠᠯ ‍ᠢ ᠢᠯᠡᠭᠦᠦ ᠡᠮᠵᠡᠭ ᠬᠦᠯᠢᠶᠡᠵᠦ ᠠᠪᠳᠠᠭ ᠰᠢᠭ᠋ ᠰᠠᠨᠠᠭᠳᠠᠳᠠᠭ ᠃

– ᠪᠢ ᠦᠬᠦᠯ ᠭᠡᠳᠡᠭ ᠤᠨ ᠮᠦᠨ ᠴᠢᠨᠠᠷ ‍ᠢ ᠨᠢᠭᠡ ᠶᠡᠬᠡ ᠣᠢᠯᠠᠭᠠᠭᠰᠠᠨ ᠬᠣᠢᠨ᠎ᠠ ᠪᠠᠨ ᠢᠵᠢᠢ ᠡᠴᠡ ᠪᠡᠨ ᠬᠠᠭᠠᠴᠠᠭᠰᠠᠨ ᠦᠭᠡᠢ ᠯᠠ  ᠳ᠋ᠠ᠃ ᠭᠡᠬᠦ ᠳ᠋ᠡᠭᠡᠨ ᠣᠷᠴᠢᠯᠠᠩ ‍ᠣᠨ ᠵᠢᠮ᠎ᠡ ᠳ᠋ᠥ ᠶᠠᠭᠠᠬᠢᠯᠳᠠ ᠴᠦ ᠦᠭᠡᠢ ᠬᠦᠴᠦᠨ ᠮᠡᠬᠦᠰᠳᠡᠳᠡᠭ ᠶᠤᠮ ᠪᠢᠯᠡ᠃ ᠲᠡᠭᠡᠭᠡᠳ ᠳᠤᠲᠠᠵᠤ᠂ ᠬᠠᠭᠰᠠᠷᠠᠵᠤ ᠦᠯᠡᠳᠡᠭ᠍ᠰᠡᠨ᠃ ᠡᠵᠢ ᠵᠢ ᠪᠠᠨ ᠦᠬᠦᠯ ᠳ᠋ᠦ ᠪᠣᠯᠢᠶᠠᠯᠭᠠᠨ᠎ᠠ ᠭᠡᠳᠡᠭ ᠲᠡᠢᠮᠦ ᠠᠮᠠᠷ ᠵᠦᠢᠯ ᠪᠢᠰᠢ᠃ ᠵᠢᠮ᠎ᠠ ᠡᠴᠡ ᠨᠢᠭᠤᠭᠳᠠᠬᠤ ᠭᠠᠵᠠᠷ ᠦᠭᠡᠢ ᠶᠤᠮ ᠪᠢᠯᠡ᠃ ᠠᠪᠣ ᠵᠢ ᠪᠠᠨ ᠨᠠᠰᠤ ᠪᠠᠷᠠᠭᠰᠠᠨ ‍ᠥ ᠳᠠᠷᠠᠭ᠎ᠠ《 ᠵᠢᠮ᠎ᠠ ᠶᠢᠨ ᠴᠠᠭᠠᠨ᠎ᠠ ᠨᠢᠭᠤᠭᠳᠠᠬᠤ ᠭᠠᠵᠠᠷ ᠦᠭᠡᠢ》ᠭᠡᠵᠦ ᠳᠠᠭᠣᠣ ᠪᠢᠴᠢᠭ᠍ᠰᠡᠨ᠃ ᠴ᠂ ᠴᠢᠩᠵᠤᠷᠢᠭ ᠬᠦᠭ᠍ᠵᠢᠮ ‍ᠢ ᠨᠢ ᠪᠢᠴᠢᠵᠦ᠂ ᠴ᠂ ᠲᠦᠪᠰᠢᠨᠳᠡᠬᠦᠰ ᠲᠠᠭᠤᠯᠠᠭᠰᠠᠨ᠃ ᠣᠳᠤ ᠬᠦᠮᠦᠰ ᠨᠢᠭᠡ ᠶᠡᠬᠡ ᠲᠠᠭᠤᠯᠠᠬᠤ ᠦᠭᠡᠢ ᠪᠠᠢᠨ᠎ᠠ᠃ ᠲᠡᠷᠡ ᠶᠡᠬᠡ ᠦᠨᠡᠨ ᠳᠠᠭᠣᠣ ᠪᠠᠢᠳᠠᠭ ᠶᠤᠮ᠃

– ᠨᠢᠭᠡ ᠡᠵᠢ᠂ ᠠᠪᠣ ᠵᠢ ᠪᠠᠨ ᠪᠠᠶᠠᠷᠯᠠᠭᠤᠯᠤᠭᠰᠠᠨ ᠳ᠋ᠠ ᠭᠡᠵᠦ ᠪᠣᠳᠣᠳᠠᠭ ᠵᠦᠢᠯ ᠶᠠᠭᠤ ᠪᠤᠢ

– ᠮᠢᠨᠦ ᠬᠦᠦ ᠲᠡᠭᠡᠬᠦ ᠳ᠋ᠦ ᠨᠢᠭᠡ ᠪᠠᠶᠠᠷᠯᠠᠭᠤᠯᠤᠯ᠎ᠠ᠂ ᠢᠩᠬᠢᠵᠦ ᠨᠢᠭᠡ ᠭᠣᠮᠣᠳᠠᠭᠠᠯ᠎ᠠ ᠭᠡᠵᠦ ᠲᠣᠭᠠᠴᠠᠬᠣ ᠣᠯᠤᠰ ᠪᠢᠰᠢ ᠪᠠᠢᠭᠰᠠᠨ᠃ ᠲᠡᠢᠮᠦ ᠡᠴᠡ ᠦᠨᠦᠳᠦᠷ ᠪᠢ ᠭᠡᠮᠰᠢᠵᠦ ᠯᠠ ᠲᠤᠭᠠᠴᠢᠨ᠎ᠠ ᠤᠤ ᠭᠡᠬᠦ ᠡᠴᠠ ᠲᠡᠳᠡᠨ ‍ᠥ ᠡᠮᠦᠨ᠎ᠡ ᠡᠴᠡ ᠪᠣᠳᠣᠬᠣ ᠡᠷᠬᠡ ᠨᠠᠳᠠᠳᠦ ᠪᠠᠢᠬᠤ ᠦᠭᠡᠢ᠃ ᠶᠡᠷᠦ ᠨᠢ ᠡᠴᠢᠭᠡ ᠡᠬᠡ ᠲᠡᠢᠮᠦ ᠶᠠᠭᠤᠮ᠎ᠠ ᠪᠤᠳᠤᠳᠠᠭ ᠦᠭᠡᠢ ᠰᠢᠣ ᠳ᠋ᠠ᠃ ᠪᠢ ᠴᠦ ᠣᠳᠤ ᠬᠡᠤᠬᠡᠳ ᠤᠤᠨ ᠢᠶᠠᠨ ᠡᠨᠡ ᠨᠢ ᠭᠤᠮᠤᠳᠠᠭᠠᠵᠤ ᠲᠡᠷᠡ ᠨᠢ ᠪᠠᠶᠠᠷᠯᠠᠭᠤᠯᠵᠣ ᠪᠠᠢᠨ᠎ᠠ ᠭᠡᠵᠦ ᠲᠤᠭᠠᠴᠠᠭ᠎ᠠ ᠲᠠᠢ ᠬᠠᠨᠳᠤᠳᠠᠭ ᠦᠭᠡᠢ᠃ ᠬᠡᠷᠡᠭ ᠴᠦ ᠪᠠᠢᠬᠤ ᠦᠭᠡᠢ᠃

– ᠲᠡᠭᠡᠬᠦ ᠪᠡᠷ ᠲᠠ ᠬᠡᠨᠡᠭ ᠦᠭᠡᠢ ᠬᠦᠮᠦᠨ ᠤᠤ ︖

– ᠶᠠᠭᠠᠬᠢᠯ᠎ᠠ ᠭᠡᠵᠦ᠃ ᠡᠴᠢᠭᠡ ᠶᠢᠨ ᠬᠠᠢᠷ᠎ᠠ ᠭᠡᠵᠦ ᠴᠠᠭᠠᠨ᠎ᠠ ᠪᠡᠨ ᠲᠣᠮᠣ ᠵᠦᠢᠯ ᠪᠠᠢᠵᠤ ᠯᠠ ᠪᠠᠢᠭ᠎ᠠ ᠰᠢᠣ ᠳ᠋ᠠ᠃ ᠬᠡᠨᠡᠭ ᠦᠭᠡᠢᠳᠡᠭᠡᠳ ᠬᠠᠢᠬᠤᠷᠬᠤ ᠦᠭᠡᠢ ᠪᠠᠢᠭ᠎ᠠ ᠵᠦᠢᠯ ᠠᠯᠠᠭ᠎ᠠ᠃ ᠬᠦᠮᠦᠨ ᠦᠪᠡᠷ ᠢᠶᠡᠨ ᠬᠦᠮᠦᠨ ᠪᠤᠯᠬᠤ ᠶᠣᠰᠣ ᠲᠠᠢ ᠰᠢᠣ ᠳ᠋ᠠ᠃ ᠦᠪᠡᠷ ᠢᠶᠠᠨ ᠦᠪᠡᠷ ‍ᠢ ᠪᠠᠨ ᠣᠯᠬᠤ ᠳ᠋ᠦ ᠨᠢ ᠵᠠᠢ ᠲᠠᠯᠪᠢᠵᠤ ᠦᠭ᠍ᠴᠦ ᠪᠠᠢᠭ᠎ᠠ ᠪᠤᠯᠬᠤ ᠡᠴᠡ ᠪᠢᠰᠢ ᠰᠡᠳᠬᠢᠯ ᠡᠴᠡ ᠪᠡᠨ ᠭᠠᠷᠭᠠᠭᠠᠳ ᠬᠠᠶᠠᠴᠢᠬᠠᠵᠤ ᠪᠠᠢᠭ᠎ᠠ ᠶᠠᠭᠤᠮ᠎ᠠ ᠶᠡᠷᠦ ᠳ᠋ᠡᠭᠡᠨ ᠪᠢᠰᠢ᠃ ᠢᠯᠡ ᠲᠠᠯᠳᠠ ᠵᠣᠪᠠᠳᠠᠭ ᠢᠢᠠᠷ ᠢᠢᠠᠨ ᠯᠠ ᠵᠣᠪᠠᠨ᠎ᠠ ᠰᠢᠣ ᠳ᠋ᠠ᠃ ᠲᠡᠷᠡ ᠪᠣᠯᠭᠠᠨ ‍ᠢ ᠭᠠᠷᠭᠠᠵᠤ ᠪᠠᠢᠬᠤ ᠤᠤ᠂ ᠨᠢᠭᠤᠬᠤ ᠤᠤ ᠭᠡᠳᠡᠭ ᠴᠢᠨᠢ ᠬᠦᠮᠦᠨ ᠬᠦᠮᠦᠨ ‍ᠥ ᠠᠷᠠᠨᠰᠢᠨ ‍ᠥ ᠡᠷᠬᠡ᠃

– ᠭᠡᠬᠦ ᠳ᠋ᠡᠭᠡᠨ ᠲᠤᠲᠤᠷ᠎ᠠ ᠪᠠᠨ ᠶᠡᠬᠡ ᠶᠠᠭᠤᠮ᠎ᠠ ᠲᠡᠭᠡᠭᠡᠳᠡᠭ ᠬᠦᠮᠦᠨ ᠦᠪᠡᠷ ‍ᠢ ᠪᠠᠨ ᠵᠣᠪᠠᠭᠠᠳᠠᠭ ᠰᠢᠭ᠋ ᠰᠠᠨᠠᠭᠳᠠᠳᠠᠭ ︖

– ᠪᠢ ᠵᠤᠪᠠᠬᠤ ᠶᠢᠨ ᠲᠤᠯᠠᠳᠠ ᠢᠷᠡᠭ᠍ᠰᠡᠨ ᠰᠢᠣ ᠳ᠋ᠠ᠃ ᠵᠢᠷᠭᠠᠬᠤ ᠭᠡᠵᠦ ᠢᠷᠡᠭᠡ ᠦᠭᠡᠢ᠃ ᠲᠡᠭᠦᠨ ‍ᠢ ᠪᠡᠨ ᠯᠠ ᠡᠳ᠋ᠯᠡᠵᠦ ᠪᠠᠢᠨ᠎ᠠ᠃ ᠪᠢ ᠣᠯᠠᠨ ᠵᠦᠢᠯ ‍ᠢ ᠬᠦᠮᠦᠨ ᠲᠠᠢ ᠬᠤᠪᠢᠶᠠᠯᠴᠠᠬᠤ ᠵᠢ ᠬᠦᠰᠡᠳᠡᠭ ᠦᠭᠡᠢ ᠃ ᠲᠡᠭᠡᠬᠦ ᠪᠡᠷ ᠪᠢ ᠵᠤᠪᠠᠯᠠᠩ ᠢᠶᠠᠨ ᠦᠪᠡᠷ ᠢᠶᠠᠨ ᠯᠠ ᠡᠳ᠋ᠯᠡᠬᠦ ᠰᠡᠨ ᠭᠡᠵᠦ ᠬᠦᠰᠡᠳᠡᠭ ᠬᠦᠮᠦᠨ ᠰᠢᠭ ᠪᠠᠢᠭ᠎ᠠ ᠶᠤᠮ᠃ ᠣᠯᠤᠰ ᠤᠤᠨ ᠨᠠᠮᠠᠢᠢ ᠮᠡᠳᠡᠬᠦ ᠪᠠᠢᠬᠤ ᠡ᠃ ᠣᠷᠴᠢᠯᠠᠩ ᠳ᠋ᠦ ᠲᠠᠨᠢᠭ᠌ᠳᠠᠬᠤ ᠪᠡᠷ ᠠᠮᠢᠳᠣᠷᠠᠯ᠎ᠠ ᠯᠠ ᠳ᠋ᠠ ᠃

– ᠶᠡᠷᠦ ᠨᠢ ᠡᠴᠢᠭᠡ ᠬᠦᠮᠦᠨ ‍ᠥ ᠬᠠᠢᠷ᠎ᠠ ᠢᠯᠡᠭᠦᠦ ᠲᠤᠳᠤᠭ᠌ᠰᠢ ᠪᠠᠢᠳᠠᠭ ᠪᠣᠯᠪᠡ ᠤᠤ ᠃ ᠲᠡᠷᠡ ᠣᠳᠬ᠎ᠠ ᠪᠡᠷ ᠢᠶᠡᠨ ᠭᠤᠮᠤᠳᠠᠵᠤ᠂ ᠪᠠᠶᠠᠷᠯᠠᠵᠣ ᠪᠠᠢᠭ᠎ᠠ ᠵᠢ ᠨᠢ ᠲᠠᠭᠠᠮᠠᠭᠯᠠᠬᠤ ᠳ᠋ᠦ ᠬᠡᠴᠡᠭᠦᠦ ᠶᠡᠬᠡ《ᠬᠦᠨᠳᠦ》ᠬᠦᠮᠦᠰ ᠰᠢᠭ ᠪᠠᠢᠳᠠᠭ ︖

– ᠬᠠᠷᠢᠨ ᠴᠦ ᠠᠪᠣ ᠨᠠᠷ ᠬᠡᠤᠬᠡᠳ ᠵᠢᠡᠨ ᠬᠠᠢᠷᠠᠯᠠᠬᠣ ᠳ᠋ᠠᠭᠠᠨ ᠬᠠᠮᠤᠭ ᠤᠨ ᠬᠦᠩᠭᠡᠨ ᠬᠦᠮᠦᠰ ᠰᠢᠣ ᠳ᠋ᠠ᠃ ᠦᠷ᠎ᠠ ᠬᠡᠤᠬᠡᠳ ᠨᠢ ᠡᠴᠢᠭᠡ ᠶᠢᠨ ᠢᠶᠡᠨ ᠨᠡᠷ᠎ᠡ ᠵᠢ ᠠᠪᠴᠣ ᠶᠠᠪᠣᠬᠤ ᠭᠡᠳᠡᠭ ᠪᠤᠯ ᠬᠦᠨᠳᠦ ᠠᠴᠢᠶ᠎ᠠ᠃ ᠪᠢ ᠪᠤᠯ ᠠᠪᠣ ᠵᠢ ᠪᠠᠨ ᠬᠠᠢᠷᠠᠯᠠᠵᠦ ᠴᠢᠳᠠᠭ᠎ᠠ ᠦᠭᠡᠢ᠃ ᠣᠬᠠᠭᠠᠷᠠᠯ ᠭᠡᠳᠡᠭ ᠵᠦᠢᠯ ᠶᠡᠬᠡ ᠬᠣᠵᠢᠮ ᠢᠷᠡᠳᠡᠭ ᠶᠤᠮ ᠪᠠᠢᠨ᠎ᠠ ᠃

– ᠬᠠᠢᠷ᠎ᠠ ᠴᠢᠮᠡᠭᠡ ᠦᠭᠡᠢ ᠪᠠᠢᠬᠤ ᠲᠤᠰᠤᠮ ᠵᠢᠡᠨ ᠬᠦᠴᠦᠲᠡᠢ ᠪᠠᠢᠳᠠᠭ ᠰᠢᠭ᠋ ᠪᠠᠢᠭ᠎ᠠ ᠶᠤᠮ᠃ ᠶᠡᠷᠦ ᠨᠢ ᠬᠠᠢᠷ᠎ᠠ ᠵᠢ ᠶᠠᠭᠠᠬᠢᠵᠤ ᠠᠪᠴᠣ ᠶᠠᠪᠣᠬᠤ ᠶᠤᠰᠤᠲᠠᠢ ᠶᠤᠮ ᠪᠤᠯ ︖

– ᠢᠯᠡᠷᠡᠬᠦ ᠦᠭᠡᠢ ᠬᠠᠢᠷ᠎ᠠ ᠵᠢ ᠮᠡᠳᠡᠷᠡᠳᠡᠭ ᠬᠦᠮᠦᠨ ᠬᠢᠷᠢ ᠣᠯᠠᠨ ᠶᠤᠮ ᠪᠤᠯ᠃ ᠬᠠᠢᠷ᠎ᠠ ᠵᠢ ᠴᠢᠨᠢ ᠣᠳᠤ ᠬᠡᠲᠦᠷᠬᠡᠢ ᠢᠯᠡ ᠪᠤᠯᠭᠠᠭᠰᠠᠨ ᠶᠤᠮ ᠪᠢᠰᠢ ᠤᠤ ᠂ ᠪᠡᠶ᠎ᠡ ᠪᠡᠶ᠎ᠡ ᠵᠢ ᠪᠠᠨ ᠳᠠᠭᠣᠳᠠᠭᠰᠠᠨ ᠴᠦ《ᠬᠠᠢᠷ᠎ᠠ ᠡ》 ᠭᠡᠬᠦ ᠶᠤᠮ ᠪᠠᠢᠨ᠎ᠠ ᠰᠢᠣ ᠳ᠋ᠠ᠃ ᠬᠠᠢᠷ᠎ᠠ ᠲᠡᠢᠮᠦ ᠢᠯᠡ ᠪᠠᠢᠳᠠᠭ ‍ᠢ ᠪᠢ ᠶᠡᠷᠦ ᠡᠴᠡ ᠪᠡᠨ ᠣᠢᠯᠠᠭᠠᠳᠠᠭ ᠦᠭᠡᠢ᠃ ᠬᠠᠢᠷ᠎ᠠ ᠠᠮᠠᠨ ᠲᠤᠳᠤᠷ᠎ᠠ ᠪᠦᠮᠪᠦᠷᠢᠵᠦ ᠪᠠᠢᠳᠠᠭ ᠦᠭᠡ ᠬᠡᠯᠡᠨ ‍ᠥ ᠶᠠᠭᠤᠮ᠎ᠠ ᠪᠢᠰᠢ᠃ ᠬᠠᠢᠷ᠎ᠠ ᠶᠢᠨ ᠲᠤᠬᠠᠢ ᠲᠤᠢᠯ ᠳ᠋ᠦ ᠨᠢ ᠬᠦᠷᠦᠭ᠍ᠰᠡᠨ ᠰᠢᠯᠦᠭ ᠪᠢ ᠪᠢᠴᠢᠵᠦ ᠴᠢᠳᠠᠬᠤ ᠦᠭᠡᠢ ᠯᠠ ᠪᠠᠢᠭ᠎ᠠ ᠃

–  ᠬᠡᠲᠦᠷᠬᠡᠢ ᠡᠷᠬᠡᠯᠡᠬᠦᠯᠦᠬᠡᠳ ᠡᠷᠬᠡ ᠶ᠋ᠢᠨ ᠲᠡᠨᠡᠭ ᠪᠣᠯᠴᠢᠬᠠᠭᠰᠠᠨ ᠶᠤᠮ ᠭᠡᠳᠡᠭ᠃ ᠲᠡᠷᠡ ᠨᠢ ᠬᠠᠢᠷᠠᠯᠠᠭᠰᠠᠨ ᠬᠦᠮᠦᠨ ᠳ᠋ᠡᠭᠡᠨ ᠪᠠᠢᠨ᠎ᠠ ᠤᠤ᠂ ᠬᠠᠢᠷᠠᠯᠠᠭᠣᠯᠣᠭᠰᠠᠨ ᠬᠦᠮᠦᠨ ᠳ᠋ᠡᠭᠡᠨ ᠪᠠᠢᠨ᠎ᠠ ᠤᠤ ︖

– ᠬᠠᠢᠷ᠎ᠠ᠂ ᠢᠳᠡᠭᠡᠯ ᠵᠣᠬᠢᠳᠠᠭ ᠦᠭᠡᠢ ᠬᠦᠮᠦᠨ ᠭᠡᠵᠦ ᠪᠠᠢᠨ᠎ᠠ᠃ ᠬᠠᠯᠢᠵᠦ ᠭᠠᠷᠣᠭᠠᠳ ᠪᠠᠢᠳᠠᠭ ᠬᠠᠢᠷ᠎ᠠ ᠶᠢᠨ ᠵᠢᠭᠠᠬᠠᠨ ᠰᠠᠪᠠ ᠲᠠᠢ ᠬᠦᠮᠦᠨ ᠭᠡᠵᠦ ᠪᠠᠢᠳᠠᠭ ᠯᠠ ᠪᠠᠢᠯᠭᠦᠢ᠃ ᠬᠠᠢᠷ᠎ᠠ ᠴᠢᠨᠢ ᠦᠪᠡᠷ ᠢᠶᠠᠨ ᠬᠦᠨᠳᠦ ᠬᠦᠩᠭᠡᠨ ᠨᠢ ᠮᠡᠳᠡᠭ᠍ᠳᠡᠳᠡᠭ ᠦᠭᠡᠢ ᠡᠳ᠋ ᠪᠠᠢᠬᠤ ᠦᠭᠡᠢ ᠤᠤ᠃ ᠮᠤᠳᠤᠨ ᠳ᠋ᠦ ᠠᠰᠠᠭᠰᠠᠨ ᠲᠦᠢᠮᠡᠷ ᠰᠢᠭ ᠴᠠᠭᠠᠭᠤᠷ ᠢᠶᠠᠨ ᠯᠠ ᠨᠡᠭᠦᠭᠡᠳ ᠪᠠᠢᠳᠠᠭ ᠃

– ᠲᠠᠨ ‍ᠥ ᠰᠢᠨᠠᠯᠤᠯ ᠭᠤᠨᠢᠭ ᠶᠠᠭᠠᠬᠢᠵᠤ ᠢᠯᠡᠷᠡᠳᠡᠭ ᠪᠤᠢ ︖

– ᠰᠠᠨᠠᠭ᠎ᠠ ᠠᠯᠳᠠᠭᠠᠳ ᠯᠠ᠂ ᠰᠢᠨᠠ ᠪᠡᠨ ᠲᠤᠯᠤᠭᠠᠳ᠂ ᠣᠬᠢᠯᠠᠵᠤ ᠳᠠᠭᠤᠯᠠᠭᠠᠳ ᠪᠠᠢᠳᠠᠭ ᠦᠭᠡᠢ ᠬᠦᠮᠦᠨ ᠯᠠ ᠳ᠋ᠠ᠃ ᠪᠢ ᠲᠤᠳᠤᠭ᠌ᠰᠢ ᠯᠠ ᠭᠣᠨᠢᠳᠠᠭ᠃ ᠨᠠᠳᠠᠳᠦ ᠬᠠᠷᠢᠶᠠᠯᠠᠯ ᠲᠠᠢ ᠡᠷᠬᠡᠲᠡᠨ ᠪᠦᠬᠦᠨ ᠣᠷᠤᠭᠤ ᠪᠠᠨ ᠭᠣᠨᠢᠳᠠᠭ᠃ ᠲᠡᠭᠦᠨ ‍ᠢ ᠪᠡᠨ ᠰᠢᠯᠦᠭ ᠢᠶᠡᠷ ᠢᠶᠡᠨ ᠭᠠᠷᠭᠠᠳᠠᠭ᠃ ᠰᠢᠯᠦᠭ ᠪᠤᠯ ᠲᠤᠳᠤᠷ᠎ᠠ  ᠪᠡᠳᠡᠬᠢᠷᠡᠭ᠍ᠰᠡᠨ ᠡᠪᠡᠳᠴᠢᠨ ‍ᠢ ᠶᠡᠬᠡ ᠵᠠᠳᠠᠭᠠᠢᠯᠠᠵᠤ ᠦᠭ᠍ᠳᠡᠭ᠃ ᠴᠢᠳᠠᠳᠠᠭ ᠶᠠᠭᠤᠮ᠎ᠠ ᠪᠡᠷ ᠢᠶᠡᠨ ᠯᠠ  ᠭᠠᠳᠠᠭ᠌ᠰᠢ ᠭᠠᠷᠭᠠᠬᠣ ᠶᠤᠮ ᠳ᠋ᠠ᠃ ᠰᠢᠯᠦᠭ ᠪᠤᠯ ᠨᠠᠳᠠ ᠲᠠᠢ ᠵᠢᠷᠭᠠᠯ ᠵᠤᠪᠠᠯᠠᠩ ᠬᠤᠪᠢᠶᠠᠯᠴᠠᠳᠠᠭ᠃ ᠲᠡᠢᠮᠦ ᠡᠴᠡ ᠪᠢ ᠰᠢᠯᠦᠭ ᠨᠠᠢᠷᠠᠭ ᠂ ᠵᠤᠬᠢᠶᠠᠯ ᠳ᠋ᠠᠭᠠᠨ ᠶᠡᠬᠡ ᠳᠣᠷᠠᠲᠠᠢ᠃

– ᠲᠠ ᠰᠡᠭᠦᠯ ᠳ᠋ᠦ ᠬᠡᠵᠢᠶ᠎ᠡ ᠬᠠᠮᠤᠭ ᠤᠨ ᠶᠡᠬᠡ ᠪᠠᠶᠠᠷᠯᠠᠭᠰᠠᠨ ᠪᠤᠢ ︖

– ᠣᠢᠷ᠎ᠠ ᠶᠢᠨ ᠵᠢᠯ ᠤᠤᠨ ᠲᠦ ᠪᠠᠶᠠᠷᠯᠠᠭᠰᠠᠨ ᠢᠶᠡᠨ ᠰᠠᠨᠠᠬᠤ ᠦᠭᠡᠢ ᠪᠠᠢᠨ᠎ᠠ᠃ ᠭᠣᠨᠢᠭ᠌ᠰᠠᠨ ᠢᠢᠠᠨ ᠴᠦ ᠰᠠᠨᠠᠬᠤ ᠦᠭᠡᠢ ᠪᠠᠢᠨ᠎ᠠ ᠃ ᠮᠠᠭᠠᠳ ᠦᠭᠡᠢ ᠬᠦᠮᠦᠨ ᠨᠠᠰᠤ ᠠᠬᠢᠭᠠᠳ ᠢᠷᠡᠬᠦ ᠪᠡᠷ ᠣᠷᠴᠢᠯᠠᠩ ‍ᠢ ᠦᠪᠡᠷ ᠤᠨ ᠦᠨᠴᠦᠭ ᠡᠴᠨ ᠪᠠᠨ ᠲᠠᠨᠢᠭ᠌ᠰᠠᠨ ᠪᠤᠯᠬᠤᠷ《ᠡᠢᠮᠦ ᠶᠠᠭᠤᠮ᠎ᠠ ᠪᠠᠢᠳᠠᠭ ᠯᠠ ᠶᠤᠮ ᠳ᠋ᠠ》ᠭᠡᠳᠡᠭ ᠨᠢ ᠶᠡᠬᠡ ᠳᠡᠢᠯᠳᠡᠭ ᠰᠢᠭ ᠪᠠᠢᠭ᠎ᠠ ᠶᠤᠮ ᠃ ᠲᠡᠢᠮᠦ ᠡᠴᠡ ᠶᠡᠬᠡ ᠣᠯᠠᠨ ᠵᠦᠢᠯ ‍ᠢ ᠬᠠᠵᠠᠭᠤ ᠪᠡᠷ ᠵᠢᠡᠨ ᠦᠩᠭᠡᠷᠡᠭᠡᠭ᠍ᠰᠡᠨ ᠪᠠᠢᠬᠤ ᠡ ᠃ ᠣᠳᠤ ᠨᠠᠳᠠᠳᠦ ᠠᠯᠳᠠᠷ ᠭᠠᠪᠢᠶ᠎ᠠ᠂ ᠦᠬᠦᠯ ᠴᠦ ᠰᠢᠨ᠎ᠡ ᠪᠢᠰᠢ᠃ ᠠᠯᠪᠠᠨ ᠲᠣᠰᠢᠶᠠᠯ᠂ ᠡᠷᠬᠢᠮᠰᠦᠭ ᠪᠠᠢᠳᠠᠯ ᠴᠦ ᠰᠢᠨ᠎ᠡ ᠶᠠᠭᠤᠮ᠎ᠠ ᠪᠢᠰᠢ᠃ ᠶᠠᠭᠤᠮ᠎ᠠ ᠪᠦᠬᠦᠨ ᠬᠠᠭᠣᠴᠢᠷᠠᠬᠣ ᠪᠠᠷ ᠬᠦᠮᠦᠨ ‍ᠥ ᠰᠡᠳᠭᠢᠯ ᠬᠦᠳᠡᠯᠦᠯ ᠴᠦ ᠪᠠᠰᠠ ᠬᠠᠭᠤᠴᠢᠷᠠᠳᠠᠭ ᠪᠠᠢᠬᠤ ᠭᠡᠵᠦ ᠪᠣᠳᠣᠳᠠᠭ ᠃

– ᠠᠩᠬᠠᠨ ‍ᠥ ᠳᠤᠭᠳᠤᠯᠤᠯ᠃ ᠡᠷᠭᠢᠭᠡᠳ ᠲᠡᠭᠦᠨ ᠰᠢᠭ ᠢᠶᠡᠨ ᠨᠢᠭᠡ ᠲᠣᠭᠳᠣᠯᠬᠣ ᠰᠠᠨ ᠭᠡᠳᠡᠭ ᠴᠦ ᠶᠤᠮ ᠤᠤ᠂ ᠡᠰᠡᠪᠡᠯ ᠡᠷᠭᠢᠵᠦ ᠲᠡᠭᠡᠵᠦ ᠴᠢᠳᠠᠬᠤ ᠦᠭᠡᠢ ᠳ᠋ᠡᠭᠡᠨ ᠬᠠᠷᠠᠮᠰᠠᠬᠣ ᠦᠶ᠎ᠡ ᠪᠠᠢᠬᠤ ᠤᠤ ︖

– ᠳᠠᠪᠲᠠᠭᠳᠠᠬᠤ ᠦᠭᠡᠢ ᠵᠦᠢᠯ ‍ᠢ ᠲᠡᠷᠡ ᠴᠢᠭ ᠢᠶᠡᠷ ᠨᠢ ᠬᠠᠳᠠᠭᠠᠯᠠᠬᠣ ᠶᠣᠮ ᠰᠠᠨ ᠭᠡᠵᠦ ᠬᠦᠰᠡᠳᠡᠭ᠃ ᠲᠡᠭᠦᠨ ᠡᠴᠡ ᠪᠢᠰᠢ᠂ ᠨᠠᠳᠠᠳᠦ ᠵᠠᠶᠠᠭᠠᠭᠰᠠᠨ ᠵᠦᠢᠯ ᠨᠢᠭᠡ ᠪᠢᠰᠢ᠂ ᠬᠣᠶᠠᠷ ᠪᠠᠢᠭᠠᠰᠠᠢ ᠭᠡᠵᠦ ᠶᠡᠷᠦ ᠡᠴᠡ ᠪᠡᠨ ᠰᠢᠨᠣᠵᠦ ᠪᠠᠢᠭᠰᠠᠨ ᠦᠭᠡᠢ᠃ ᠲᠡᠷᠡ ᠶᠡᠬᠡ ᠪᠠᠶᠠᠷ ᠬᠦᠷ᠂ ᠭᠤᠨᠢᠭ ᠲᠡᠷᠡ ᠣᠨ ᠴᠠᠭ ᠲᠠᠭᠠᠨ ᠦᠯᠡᠳᠡᠭ ᠯᠠ ᠭᠡᠵᠦ ᠪᠣᠳᠣᠳᠠᠭ ᠃

– ᠲᠡᠷᠡ ᠮᠦᠴᠡ ᠪᠤᠯᠭᠠᠨ ᠢᠶᠡᠨ ᠣᠷᠠᠨ ᠪᠦᠲᠦᠭᠡᠯ ᠳ᠋ᠡᠭᠡᠨ ᠭᠠᠷᠭᠠᠵᠤ ᠴᠢᠳᠠᠭᠰᠠᠨ ᠤᠤ

– ᠶᠠᠭᠠᠬᠢᠯ᠎ᠠ ᠭᠡᠵᠦ ᠬᠦᠮᠦᠨ ᠪᠣᠳᠣᠭᠰᠠᠨ ᠪᠦᠬᠦᠨ ᠢᠶᠡᠨ ᠭᠠᠷᠭᠠᠵᠤ ᠴᠢᠳᠠᠬᠤ ᠪᠤᠢ ᠳ᠋ᠠ᠃ ᠲᠡᠷᠡ ᠪᠠᠢᠳᠣᠭᠠᠢ ᠬᠦᠮᠦᠨ ᠪᠣᠳᠣᠯ ᠤᠨ ᠢᠶᠠᠨ ᠲᠠᠯ᠎ᠠ ᠵᠢ ᠠᠪᠤᠭᠠᠳ ᠯᠠ ᠦᠬᠦᠨ᠎ᠡ ᠰᠢᠣ ᠳ᠋ᠠ ᠃

–《ᠨᠡᠢᠭᠡᠮ ᠢᠶᠡᠷ ᠢᠶᠡᠨ ᠪᠢᠳᠡ ᠰᠢᠭᠦᠮᠵᠢᠯᠡᠯ ᠤᠨ ᠲᠤᠩ ᠲᠣᠰᠴᠢᠬᠠᠵᠠᠢ》ᠭᠡᠰᠡᠨ ᠶᠠᠷᠢᠯᠴᠠᠯᠭ᠎ᠠ ᠵᠢ ᠴᠤᠢᠵᠠᠮᠰᠤ ᠬᠠᠮᠪᠣ ᠦᠭ᠍ᠭᠦᠭ᠍ᠰᠡᠨ ᠪᠠᠢᠨ᠎ᠠ ᠯᠠᠢ᠃ ᠲᠠᠨ ‍ᠥ ᠬᠤᠪᠢ ᠳ᠋ᠦ ᠡᠨᠡ ᠨᠡᠢᠭᠡᠮ ᠤᠨ ᠰᠠᠢᠨ ᠰᠠᠢᠬᠠᠨ ‍ᠢ ᠨᠢ ᠣᠯᠵᠤ ᠬᠠᠷᠠᠵᠤ ᠬᠡᠯᠡᠭᠡᠴᠢ ᠭᠡᠪᠡᠯ ︖

– ᠮᠢᠨᠦ ᠰᠠᠢᠬᠠᠨ ᠭᠡᠵᠦ ᠬᠠᠷᠠᠵᠤ ᠪᠠᠢᠭ᠎ᠠ ᠵᠦᠢᠯ ᠦᠭᠡᠷ᠎ᠡ ᠬᠦᠮᠦᠨ ‍ᠥ ᠨᠢᠳᠦᠨ ᠳ᠋ᠦ ᠰᠠᠢᠬᠠᠨ ᠪᠢᠰᠢ ᠪᠤᠯ ᠶᠠᠭᠠᠬᠢᠨ᠎ᠠ ᠭᠡᠵᠦ ᠪᠢ ᠠᠶᠤᠳᠠᠭ ᠶᠤᠮ᠃ ᠪᠢ ᠪᠣᠰᠣᠳ ᠤᠨ ᠰᠡᠳᠭᠢᠯ ‍ᠢ ᠡᠮᠵᠡᠭ᠍ᠯᠡᠭᠦᠯᠬᠦ ᠠ᠋ᠴᠠ ᠠᠶᠤᠳᠠᠭ᠃ ᠲᠡᠢᠮᠦ ᠡᠴᠡ ᠰᠠᠢᠨ ᠂ ᠮᠠᠭᠣ ᠵᠢ ᠢᠯᠭᠠᠵᠤ ᠶᠠᠷᠢᠬᠤ ᠨᠢᠭᠡ ᠶᠡᠬᠡ ᠳᠤᠷ᠎ᠠ ᠦᠭᠡᠢ᠃ ᠬᠦᠮᠦᠨ ᠦᠪᠡᠷ ᠢᠶᠡᠨ ᠬᠦᠮᠦᠨ ᠪᠠᠢᠵᠤ ᠴᠢᠳᠠᠭ᠎ᠠ ᠦᠭᠡᠢ ᠠᠲᠠᠯ᠎ᠠ ᠣᠯᠤᠰ ᠪᠤᠯᠵᠤ ᠲᠤᠭᠯᠠᠨ᠎ᠠ ᠭᠡᠳᠡᠭ ᠢᠨᠢᠶᠡᠳᠦ ᠲᠠᠢ ᠪᠠᠢᠬᠤ ᠦᠭᠡᠢ ᠤᠤ᠃ ᠲᠡᠢᠮᠦ ᠡᠴᠡ ᠡᠯᠳᠡᠪ ᠤᠨ ᠵᠦᠢᠯ ᠳ᠋ᠦ ᠳ᠋ᠦᠩ ᠦᠭ᠍ᠬᠦ ᠳᠤᠷ᠎ᠠ ᠦᠭᠡᠢ᠃ ᠪᠢ ᠡᠴᠦᠰ ᠤᠨ ᠭᠠᠷᠭᠠᠯᠭ᠎ᠠ ᠵᠢ ᠬᠡᠯᠡᠳᠡᠭ ᠬᠦᠮᠦᠨ ᠪᠢᠰᠢ ᠰᠢᠣ ᠳ᠋ᠠ᠃ ᠪᠢ ᠪᠤᠯ ᠠᠮᠢᠳᠤᠷᠠᠯ ᠳᠣᠮᠳᠠᠭᠣᠷ ᠣᠷᠤᠰᠤᠭᠠᠳ ᠦᠩᠭᠡᠷᠡᠬᠦ ᠨᠢᠭᠡ ᠪᠤᠳᠠᠭᠠᠯᠢ ᠃

– ᠪᠤᠯᠪᠠᠰᠤᠷᠠᠯ ᠲᠠᠢ᠂ ᠣᠴᠢᠷ ᠮᠡᠳᠡᠬᠦ ᠬᠦᠮᠦᠰ ᠬᠡᠳᠦ ᠳᠠᠷᠤᠣ ᠪᠠᠢᠭᠰᠠᠨ ᠢᠶᠡᠷ ᠢᠶᠡᠨ ᠪᠠᠰᠠ ᠠᠯᠳᠠᠬᠤ ᠵᠦᠢᠯ ᠪᠠᠢᠳᠠᠭ ᠪᠣᠯᠪᠡ ᠤᠤ ︖

– ᠨᠠᠳᠠᠳᠦ ᠳᠠᠷᠤᠣ ᠪᠠᠢᠭ᠎ᠠ ᠦᠭᠡᠢ ᠨᠠᠰᠤ ᠪᠤᠢ᠃ ᠪᠢ ᠡᠬᠡ ᠶᠢᠨ ᠢᠶᠡᠨ ᠰᠢᠯᠦᠭ ᠡᠴᠡ ᠡᠬᠢᠯᠡᠭᠡᠳ ᠯᠠ ᠮᠠᠭᠳᠠᠭᠣᠯᠣᠭᠰᠠᠨ ᠬᠦᠮᠦᠨ ᠃ ᠨᠠᠳᠠᠳᠦ ᠲᠦᠭᠡᠷᠢᠵᠦ ᠶᠠᠪᠣᠭᠰᠠᠨ ᠴᠠᠭ ᠪᠣᠢ᠃ ᠬᠦᠮᠦᠨ ᠪᠣᠯᠭᠠᠨ ᠵᠢᠵᠢᠭ᠍ᠬᠡᠨ ᠬᠠᠷᠠᠭᠳᠠᠵᠤ ᠪᠠᠢᠭᠰᠠᠨ ᠦᠶ᠎ᠡ ᠴᠦ ᠪᠤᠢ᠃ ᠲᠡᠢᠮᠦ ᠡᠴᠡ ᠪᠢ ᠳᠠᠷᠤᠣ ᠬᠦᠮᠦᠨ ᠪᠢᠰᠢ᠃ ᠶᠠᠭᠠᠬᠢᠭᠠᠳ ᠴᠦ ᠪᠢᠰᠢ᠃ ᠪᠢ ᠮᠦᠷ ᠢᠶᠡᠷ ᠢᠶᠡᠨ ᠬᠦᠮᠦᠨ ᠃

– ᠠᠩᠬᠠᠨ ‍ᠥ ᠣᠷᠠᠨ ᠪᠦᠲᠦᠭᠡᠯ ᠡᠴᠡ ᠪᠡᠨ ᠡᠬᠢᠯᠡᠭᠡᠳ ᠮᠠᠭᠳᠠᠭᠠᠯ ᠰᠣᠨᠣᠰᠣᠭᠰᠠᠨ ᠭᠡᠵᠦ ᠪᠠᠢᠨ᠎ᠠ᠃ ᠲᠡᠭᠡᠬᠦ ᠪᠡᠷ ᠰᠢᠬᠦᠮᠵᠢᠯᠡᠯ ᠳ᠋ᠦ ᠵᠢᠭᠠᠬᠠᠨ ᠡᠮᠵᠡᠭ ᠬᠠᠨᠳᠤᠳᠠᠭ ᠤᠤ ︖

– ᠨᠠᠮᠠᠢᠢ ᠬᠦᠮᠦᠨ ᠮᠠᠭᠣᠬᠠᠢ ᠬᠠᠷᠠᠵᠤ ᠪᠤᠯᠤᠨ᠎ᠠ ᠰᠢᠣ ᠳ᠋ᠠ᠃ ᠨᠠᠮᠠᠢᠢ ᠦᠵᠡᠨ ᠶᠠᠳᠠᠬᠣ ᠡᠷᠬᠡ ᠲᠡᠷᠡ ᠬᠦᠮᠦᠨ ᠳ᠋ᠦ ᠪᠤᠢ᠃ ᠪᠢᠳᠡᠨ ‍ᠥ ᠶᠠᠷᠢᠭᠠᠳ ᠪᠠᠢᠭ᠎ᠠ ᠡᠷᠬᠡ ᠭᠡᠳᠡᠭ ᠴᠢᠨᠢ ᠲᠡᠷᠡ ᠶᠤᠮ ᠪᠢᠰᠢ ᠤᠤ᠂ ᠪᠢ ᠮᠦᠩᠭᠦ ᠲᠠᠢ ᠪᠦᠭᠡᠳ ᠡᠷᠬᠡ ᠮᠡᠳᠡᠯᠲᠡᠨ ᠪᠢᠰᠢ᠃ ᠶᠠᠮᠠᠷ ᠨᠢᠭᠡ ᠠᠮᠲᠠᠲᠠᠢ  ᠮᠦᠬᠡᠭᠡᠯᠳᠡᠰᠦ ᠪᠢᠰᠢ᠃ ᠮᠠᠭᠳᠠᠭᠰᠠᠨ ‍ᠣ ᠲᠦᠯᠦᠭᠡ ᠬᠦᠬᠡᠷᠬᠦ᠂ ᠮᠠᠭᠣᠯᠠᠭᠰᠠᠨ ‍ᠥ ᠲᠦᠯᠦᠭᠡ ᠭᠣᠨᠢᠬᠣ ᠵᠠᠩ ᠶᠡᠷᠦ ᠡᠴᠡ ᠪᠡᠨ ᠪᠠᠢᠳᠠᠭ ᠦᠭᠡᠢ ᠭᠡᠵᠦ ᠲᠦᠷᠦᠬᠦᠨ ᠡᠴᠨ ᠬᠤᠢᠰᠢ ᠬᠡᠯᠡᠭ᠍ᠰᠡᠨ᠃ ᠪᠢ ᠬᠣᠷᠸ᠎ᠠ ᠵᠢ ᠮᠡᠳᠡᠨ᠎ᠡ᠃ ᠦᠪᠡᠷ ᠤᠨ ᠵᠢᠡᠨ ᠴᠢᠨᠡᠭᠡ ᠪᠡᠷ ᠮᠡᠳᠡᠨ᠎ᠡ᠃ ᠪᠢ ᠪᠤᠳᠤᠵᠤ ᠶᠠᠷᠢᠳᠠᠭ᠃ ᠬᠦᠮᠦᠰ ‍ᠢ ᠬᠠᠷᠠᠭᠠᠳ ᠪᠠᠢᠬᠤ ᠳ᠋ᠦ ᠶᠠᠷᠢᠭ᠌ᠰᠠᠨ ‍ᠥ ᠪᠡᠨ ᠳᠠᠷᠠᠭ᠎ᠠ ᠪᠣᠳᠣᠳᠠᠭ ᠰᠢᠭ᠋ ᠪᠠᠢᠨ᠎ᠠ ᠯᠠᠢ᠃ ᠡᠨᠡ ᠯᠠ ᠣᠨ ᠴᠠᠭ ᠤᠨ ᠠᠯᠳᠠᠭ᠎ᠠ  ᠪᠠᠢᠬ᠎ᠠ᠃《ᠵᠦᠪ ᠤᠨ ᠡᠮᠦᠨ᠎ᠡ ᠪᠤᠷᠤᠭᠤ ᠪᠠᠢᠪᠠᠯ ᠵᠦᠨᠦᠬᠦ ᠶ᠋ᠢᠨ ᠡᠮᠦᠨ᠎ᠡ ᠦᠬᠦᠯ ᠪᠠᠢᠪᠠᠯ 》 ᠭᠡᠵᠦ ᠮᠢᠨᠦ ᠰᠢᠯᠦᠭ ᠪᠤᠢ ᠃ ᠵᠦᠨᠦᠯ ᠦᠭᠡᠢ ᠦᠬᠦᠬᠦ ᠬᠡᠷᠡᠭ᠍ᠲᠡᠢ᠃ ᠪᠤᠷᠤᠭᠤ ᠪᠤᠯ ᠵᠠᠯᠠᠷᠠᠭᠣᠯᠬᠣ ᠪᠠᠢᠬᠤ  ᠶᠤᠰᠤᠲᠠᠢ ᠭᠡᠰᠡᠨ ᠰᠠᠨᠠᠭ᠎ᠠ ᠪᠠᠢᠭ᠎ᠠ ᠶᠤᠮ᠃ ᠪᠢ ᠬᠣᠶᠠᠷᠬᠠᠨ ᠨᠣᠮ ᠭᠠᠷᠭᠠᠭᠠᠳ ᠲᠦᠷᠦ ᠵᠢᠨ ᠱᠠᠩᠨᠠᠯ ᠬᠦᠷᠲᠡᠭ᠍ᠰᠡᠨ ᠬᠦᠮᠦᠨ ᠰᠢᠣ ᠳ᠋ᠠ᠃ ᠲᠡᠢᠮᠦ ᠲᠣᠬᠢᠶᠠᠯᠳᠣᠯ ᠣᠳᠬ᠎ᠠ ᠵᠤᠬᠢᠶᠠᠯ ᠳ᠋ᠦ ᠴᠥᠭᠡᠨ ᠯᠠ ᠪᠠᠢᠬ᠎ᠠ ᠃

– ᠲᠡᠷᠡ ᠨᠣᠮ ᠭᠠᠷᠤᠭᠰᠠᠨ ᠬᠣᠭᠣᠷᠣᠨᠳᠣ ᠶᠢᠨ ᠬᠣᠭᠣᠴᠠᠭ᠎ᠠ ᠬᠢᠷᠢ ᠣᠢᠷᠠᠬᠠᠨ ᠪᠠᠢᠪᠠ ︖

– 1982 ᠣᠨ ᠳ᠋ᠦ ᠠᠩᠬᠠᠨ ‍ᠥ ᠨᠣᠮ᠂ 1984 ᠣᠨ ᠳ᠋ᠦ ᠲᠠᠷᠠᠭ᠎ᠠ ᠶᠢᠨ ᠨᠣᠮ ᠢᠶᠡᠨ ᠭᠠᠷᠭᠠᠭᠠᠳ ᠯᠠ 1990 ᠣᠨ ᠳ᠋ᠦ ᠲᠦᠷᠦ ᠵᠢᠨ ᠱᠠᠩᠨᠠᠯ ᠠᠪᠤᠭᠰᠠᠨ ᠰᠢᠣ ᠳ᠋ᠠ᠃ ᠪᠢ ᠮᠠᠭᠲᠠᠭᠠᠯ ᠢᠶᠠᠷ ᠲᠣᠰᠣᠭᠣᠯᠣᠭᠰᠠᠨ ᠭᠡᠵᠦ ᠠᠮᠠ ᠪᠠᠷᠳᠠᠮ ᠬᠡᠯᠡᠵᠦ ᠪᠠᠢᠭ᠎ᠠ ᠮᠠᠨᠢ ᠲᠡᠷᠡ ᠃

– ᠲᠠᠨ ‍ᠥ ᠬᠤᠪᠢ ᠳ᠋ᠦ ᠡᠪᠣᠯ ᠤᠨ ᠣᠯᠠᠷᠢᠯ ᠳ᠋ᠣ ᠣᠷᠠᠨ ᠪᠦᠲᠦᠭᠡᠯ ᠢᠯᠡᠭᠦᠦ ᠭᠠᠷᠳᠠᠭ ᠭᠡᠰᠡᠨ ᠪᠠᠢᠬᠤ  ᠡ ︖

– ᠪᠦᠷᠬᠦᠭ ᠡᠳᠦᠷ ᠢᠯᠡᠭᠦᠦ ᠰᠠᠢᠨ ᠬᠢᠳᠡᠭ᠃ ᠨᠠᠷᠠᠨ ‍ᠥ ᠬᠠᠯᠠᠭᠣᠨ ᠢᠯᠴᠢ᠂ ᠮᠢᠨᠦ ᠪᠤᠳᠤᠯ ᠬᠣᠶᠠᠷ ᠬᠤᠭᠤᠷᠤᠨᠳᠤ ᠪᠡᠨ ᠲᠠᠭᠠᠷᠠᠳᠠᠭ ᠦᠭᠡᠢ᠃ ᠪᠢ ᠣᠳᠠᠭᠠᠨ ᠪᠣᠳᠣᠭᠠᠳ ᠳᠠᠷᠢᠬᠢᠨ ᠳ᠋ᠠᠭᠠᠨ ᠢᠯᠵᠢᠷᠡᠭᠦᠯᠵᠦ ᠪᠠᠢᠵᠤ ᠪᠢᠴᠢᠳᠡᠭ᠃ ᠰᠠᠯᠬᠢ ᠰᠢᠭᠤᠷᠠᠭᠠᠳ ᠪᠠᠢᠬᠤ ᠳ᠋ᠦ ᠪᠢ ᠶᠠᠭᠤ ᠴᠦ ᠪᠢᠴᠢᠵᠦ ᠴᠢᠳᠠᠬᠤ ᠦᠭᠡᠢ᠃ ᠬᠠᠷᠢᠨ ᠪᠢ ᠣᠷᠴᠢᠨ ᠭᠤᠯᠤᠵᠤ ᠦᠵᠡᠬᠡ ᠦᠭᠡᠢ᠃ ᠠᠴᠢ ᠨᠠᠷ ᠲᠡᠷᠭᠡᠳᠠ ᠱᠤᠣᠬᠢᠵᠣ᠂ ᠴᠠᠭᠠᠰᠤ ᠵᠢ ᠮᠠᠨᠢ ᠪᠠᠷᠢᠭᠠᠳ ᠭᠦᠶᠦᠵᠤ ᠶᠠᠪᠣᠭᠰᠠᠨ ᠴᠦ ᠲᠤᠭᠤᠬᠤ ᠦᠭᠡᠢ ᠪᠢᠴᠢᠨ᠎ᠠ᠃ ᠪᠢ ᠭᠠᠭᠴᠠᠭᠠᠷ ᠢᠶᠡᠨ ᠪᠠᠢᠬᠤ ᠠᠰᠤᠷᠤ ᠳᠤᠷ᠎ᠠ ᠦᠭᠡᠢ᠃ ᠬᠡᠷᠪᠡ ᠨᠠᠮᠠᠢᠢ ᠭᠠᠭᠴᠠᠭᠠᠷ ᠢ ᠣᠷᠬᠢᠭᠠᠳ᠂ ᠬᠠᠨᠢ ᠮᠢᠨᠢ᠂ ᠬᠡᠤᠬᠡᠳ ᠤᠤᠨ ᠮᠢᠨᠢ ᠪᠦᠷᠳᠦᠯᠵᠡᠬᠦ ᠦᠭᠡᠢ ᠪᠤᠯ ᠪᠢ ᠶᠠᠭᠤᠮ᠎ᠠ ᠬᠢᠵᠦ ᠴᠢᠳᠠᠬᠤ ᠦᠭᠡᠢ᠃ ᠪᠢ ᠬᠦᠮᠦᠨ ᠦᠭᠡᠢ ᠪᠠᠢᠵᠤ ᠴᠢᠳᠠᠳᠠᠭ ᠦᠭᠡᠢ ᠶᠤᠮ᠃

– ᠲᠠ 20 ᠨᠠᠰᠤᠨ ‍ᠥ ᠪᠠᠨ ᠲᠤᠬᠠᠢ《ᠪᠦᠵᠢᠭ ᠲᠦ ᠶᠠᠪᠣᠵᠤ᠂ ᠵᠢᠷᠤᠭ ᠤᠨ ᠦᠵᠡᠰᠭᠦᠯᠡᠩ ᠦᠵᠡᠵᠦ᠂ ᠵᠠᠪᠰᠠᠷ ᠴᠢᠯᠦᠭᠡ ᠪᠡᠷ ᠨᠢ ᠶᠠᠯᠢᠬᠣ ᠦᠭᠡᠢ᠂ ᠵᠠᠷᠭᠣ ᠪᠠᠭᠠᠲᠠᠢ ᠵᠣᠳᠣᠭᠠᠨ ᠬᠢᠨ᠎ᠡ 》ᠭᠡᠵᠦ ᠶᠠᠷᠢᠭ᠌ᠰᠠᠨ ᠪᠠᠢᠭᠰᠠᠨ᠃ ᠬᠠᠷᠢᠨ 30 ᠨᠠᠰᠤ ᠶᠠᠮᠠᠷ ᠪᠠᠢᠪᠠ ︖

– ᠲᠠᠪᠣᠨ ᠬᠡᠤᠬᠡᠳ ᠲᠠᠢ ᠪᠠᠢᠭᠰᠠᠨ᠃ ᠡᠴᠢᠭᠡ ᠭᠡᠳᠡᠭ ᠠᠴᠢᠶ᠎ᠠ ᠵᠢ ᠶᠡᠬᠡ ᠡᠷᠲᠠ ᠡᠭᠦᠷᠦᠭ᠍ᠰᠡᠨ  ᠪᠤᠯᠬᠤᠷ ᠮᠢᠨᠦ 30 ᠨᠠᠰᠤ ᠦᠷᠡᠰ ᠲᠡᠭᠡᠨ ᠨᠤᠤᠯᠤᠭᠤᠯᠤᠭᠰᠠᠨ ᠨᠠᠰᠤ ᠪᠠᠢᠭᠰᠠᠨ ᠃ ᠲᠡᠮᠡᠭᠡ ᠶᠤᠮ ᠪᠤᠯ ᠬᠡᠪᠲᠡᠵᠦ ᠪᠠᠢᠭ᠎ᠠ ᠲᠡᠮᠡᠭᠡ ᠰᠢᠭ ᠨᠠᠰᠤ ᠪᠠᠢᠭᠰᠠᠨ ᠃

– ᠣᠷᠠᠨ ᠪᠦᠲᠦᠭᠡᠯ ᠤᠨ ᠬᠤᠪᠢ ᠳ᠋ᠦ ᠶᠠᠮᠠᠷ ᠦᠶ᠎ᠡ ᠪᠠᠢᠭᠰᠠᠨ ᠪᠤᠢ ︖

– ᠢᠳᠡ ᠦᠶ᠎ᠡ ᠪᠠᠢᠭᠰᠠᠨ᠃ ᠵᠢᠷᠤᠭ ‍ ᠢᠶᠡᠨ ᠵᠢᠷᠤᠨ᠎ᠠ᠂ ᠰᠢᠯᠦᠭ ᠪᠢᠴᠢᠨ᠎ᠠ᠃ ᠪᠢ ᠣᠷᠠᠨ ᠪᠦᠳᠦᠭᠡᠯ ᠢᠶᠡᠨ ᠵᠢᠷᠤᠭ ‍ ᠢᠶᠡᠷ ᠡᠬᠢᠯᠡᠭ᠍ᠰᠡᠨ ᠬᠦᠮᠦᠨ ᠰᠢᠣ ᠳ᠋ᠠ᠃ ᠬᠦᠦ ᠲᠠᠢ ᠪᠡᠨ ᠬᠠᠮᠳᠤ ᠨᠢᠭᠡ ᠦᠵᠡᠰᠭᠦᠯᠡᠩ ᠭᠠᠷᠭᠠᠭᠰᠠᠨ᠃ ᠵᠢᠷᠤᠭ ‍ᠢ ᠪᠤᠯ ᠲᠡᠢᠮᠦ ᠮᠠᠭᠤ ᠪᠢᠰᠢ ᠵᠢᠷᠤᠨ᠎ᠠ᠃ ᠰᠠᠢᠨ ᠳᠤᠷ᠎ᠠ ᠶᠢᠨ ᠣᠷᠠᠨ ᠰᠠᠢᠬᠠᠨᠴᠢ ᠰᠢᠭ᠋ ᠵᠢᠷᠣᠬᠣ ᠦᠭᠡᠢ᠃ ᠠᠮᠢᠨ ᠳ᠋ᠠᠭᠠᠨ ᠶᠤᠰᠤᠭᠠᠷ ᠨᠢ ᠵᠢᠷᠣᠬᠣ ᠭᠡᠵᠦ ᠬᠢᠴᠢᠶᠡᠨ᠎ᠡ᠃ ᠮᠢᠨᠦ ᠦᠶ᠎ᠡ ᠶᠢᠨ ᠵᠤᠬᠢᠶᠠᠯᠴᠢᠳ ᠪᠦᠭᠦᠳᠡ ᠨᠣᠮ ᠤᠨ ᠢᠶᠡᠨ ᠵᠢᠷᠤᠭ ‍ᠢ ᠨᠠᠳᠠ ᠪᠡᠷ ᠬᠢᠯᠭᠡᠭ᠍ᠰᠡᠨ᠃ ᠵᠦᠴᠦᠭᠡ ᠶᠢᠨ ᠵᠢᠷᠣᠭ ᠪᠠᠰᠠ ᠵᠢᠷᠤᠵᠦ ᠪᠠᠢᠯ᠎ᠠ ᠃

– ᠣᠷᠠᠨ ᠵᠢᠷᠣᠭ᠂ ᠣᠳᠬ᠎ᠠ ᠵᠣᠬᠢᠶᠠᠯ ᠬᠣᠶᠠᠷ ᠳᠠᠩᠳᠠ ᠬᠣᠯᠪᠤᠭᠠᠲᠠᠢ ᠶᠠᠪᠣᠳᠠᠭ᠃ ᠬᠤᠶᠠᠭᠤᠯᠠ ᠵᠢ ᠨᠢ ᠬᠢᠳᠡᠭ ᠬᠦᠮᠦᠨ ‍ᠥ ᠳᠠᠪᠠᠭᠤ ᠲᠠᠯ᠎ᠠ ᠶᠠᠭᠤ ᠪᠠᠢᠳᠠᠭ ᠪᠤᠯ ︖

– ᠳᠠᠩᠴᠤ ᠣᠢᠷᠠᠬᠠᠨ ᠳ᠋ᠣᠣ ᠃ ᠠᠯᠢ ᠨᠢ ᠲᠠᠪᠠᠭᠤ ᠵᠢ ᠮᠡᠳᠡᠬᠦ ᠦᠭᠡᠢ ᠶᠤᠮ᠃ ᠵᠢᠷᠤᠳᠠᠭ ᠣᠴᠢᠷ ᠡᠴᠠ ᠰᠢᠯᠦᠭ ᠨᠢ ᠳᠦᠷᠰᠦᠯᠡᠯ  ᠶᠡᠬᠡᠲᠡᠢ ᠪᠠᠢᠳᠠᠭ ᠭᠡᠵᠦ ᠬᠦᠮᠦᠰ ᠬᠡᠯᠡᠳᠡᠭ ᠶᠤᠮ ᠪᠢᠯᠡ ᠃ ᠦᠩᠭᠡ ᠵᠢ ᠪᠤᠯ ᠠᠷᠠᠢ ᠢᠯᠡᠭᠦᠦ ᠮᠡᠳᠡᠷᠡᠨ᠎ᠡ ᠳ᠋ᠠ ᠃

– ᠲᠠᠨ ‍ᠥ ᠣᠷᠠᠨ ᠪᠦᠲᠦᠭᠡᠯ ᠰᠡᠳᠭᠢᠯ ᠤᠨ ᠡᠮᠵᠡᠭ ᠵᠦᠢᠯ ‍ᠢ ᠶᠡᠬᠡ ᠲᠣᠳᠣ ᠭᠠᠷᠭᠠᠵᠤ ᠢᠷᠡᠳᠡᠭ᠃ ᠣᠷᠠᠨ ᠪᠦᠲᠦᠭᠡᠯ ᠳ᠋ᠦ ᠦᠵᠡᠵᠦ ᠲᠣᠭᠣᠯᠣᠭᠰᠠᠨ ᠠᠮᠢᠳᠤᠷᠠᠯ᠂ ᠲᠤᠷᠰᠢᠯᠭ᠎ᠠ ᠶᠡᠬᠡ ᠨᠦᠯᠦᠭᠡᠯᠡᠳᠡᠭ ᠭᠡᠵᠦ ᠪᠣᠳᠣᠪᠠᠯ ᠲᠠᠨ ‍ᠢ ᠶᠡᠬᠡ ᠵᠤᠪᠠᠯᠠᠩ ᠦᠵᠡᠭ᠍ᠰᠡᠨ ᠬᠦᠮᠦᠨ ᠭᠡᠮᠡᠷ ᠴᠦ ᠶᠣᠮ  ᠰᠢᠭ᠋ ︖

– ᠪᠢ ᠲᠤᠷᠰᠢᠯᠭ᠎ᠠ ᠵᠢ ᠦᠵᠡᠨ ᠶᠠᠳᠠᠳᠠᠭ᠃ ᠲᠤᠷᠰᠢᠯᠭ᠎ᠠ ᠭᠡᠳᠡᠭ ᠪᠤᠯ ᠪᠠᠢᠭ᠎ᠠ ᠪᠠᠢᠷᠢᠨ ᠳ᠋ᠠᠭᠠᠨ ᠵᠤᠭᠰᠤᠵᠤ᠂ ᠴᠢᠳᠠᠳᠠᠭ ᠵᠦᠢᠯ ᠢᠶᠡᠨ ᠬᠢᠵᠦ ᠪᠠᠢᠭ᠎ᠠ ᠬᠦᠮᠦᠨ ‍ᠢ ᠬᠡᠯᠡᠳᠡᠭ ᠪᠠᠢᠬᠤ ᠦᠭᠡᠢ ᠤᠤ ᠃ ᠴᠢᠳᠠᠭ᠎ᠠ ᠦᠭᠡᠢ ᠵᠦᠢᠯ ᠢᠶᠡᠨ ᠬᠢᠬᠦ ᠶᠢᠨ ᠲᠤᠯᠠᠳᠠ ᠣᠷᠠᠨ ᠪᠦᠲᠦᠭᠡᠯᠴᠢᠳ ᠠᠮᠢᠳᠣᠷᠠᠬᠣ ᠶᠤᠰᠤᠲᠠᠢ᠃ ᠠᠯᠢᠪᠠ ᠨᠢᠭᠡ ᠣᠷᠠᠨ ᠪᠦᠲᠦᠭᠡᠯ ᠤᠨ ᠰᠠᠨᠠᠭ᠎ᠠ ᠣᠯᠴᠢᠬᠠᠭᠠᠳ ᠲᠤᠷᠰᠢᠯᠭ᠎ᠠ ᠪᠡᠷ ᠪᠢᠴᠢᠨ᠎ᠠ ᠭᠡᠪᠡᠯ ᠲᠡᠭᠦᠨ ᠰᠢᠭ ᠪᠦᠳᠦᠭᠦᠯᠢᠭ ᠵᠦᠢᠯ ᠪᠠᠢᠬᠤ ᠦᠭᠡᠢ ᠃

– ᠣᠳᠤ ᠵᠢᠷᠤᠭ ᠵᠢᠷᠤᠵᠦ ᠪᠠᠢᠨ᠎ᠠ ᠤᠤ ︖

– ᠪᠣᠳᠣᠬᠣ ᠯᠠ ᠶᠤᠮ᠃ ᠵᠠᠪ ᠪᠤᠯᠬᠤ ᠦᠭᠡᠢ ᠪᠠᠢᠨ᠎ᠠ᠃ ᠲᠡᠳᠭᠦᠪᠦᠷᠢ ᠶᠢᠨ ᠬᠦᠮᠦᠨ ᠮᠦᠷᠲᠡᠯ᠎ᠡ ᠪᠠᠨ ᠬᠠᠮᠤᠭ ᠤᠨ ᠵᠠᠪ ᠦᠭᠡᠢ ᠬᠦᠮᠦᠨ ᠪᠠᠢᠬᠤ ᠶᠤᠮ᠃ ᠮᠢᠨᠦ ᠵᠢᠷᠤᠭ ᠤᠨ ᠬᠡᠷᠡᠭ᠍ᠰᠡᠯ ‍ᠢ ᠵᠢᠷᠣᠭᠠᠴᠢ ᠬᠦᠦ ᠮᠢᠨᠢ ᠪᠡᠯᠡᠳᠭᠡᠭᠡᠳ ᠥᠭ᠍ᠴᠢᠬᠡᠳᠡᠭ ᠶᠤᠮ᠃ ᠠᠪᠣ ᠵᠢ ᠪᠠᠨ ᠵᠢᠷᠤᠭ ᠢᠶᠡᠨ ᠵᠢᠷᠤ ᠭᠡᠵᠦ ᠪᠠᠢᠭ᠎ᠠ ᠱᠠᠭᠠᠷᠳᠠᠯᠭ᠎ᠠ ᠶᠤᠮ ᠪᠠᠢᠨ᠎ᠠ ᠯᠠ ᠭᠡᠵᠦ ᠪᠣᠳᠣᠳᠠᠭ᠃ ᠬᠡᠳᠦᠨ ᠵᠢᠷᠣᠭ ᠵᠢᠷᠤᠵᠦ ᠦᠯᠡᠳᠡᠭᠡᠨ᠎ᠡ ᠡ ᠃

– ᠲᠠ ᠦᠵᠡᠰᠭᠦᠯᠡᠩ ᠬᠢᠷᠢ ᠦᠵᠡᠵᠦ ᠪᠠᠢᠨ᠎ᠠ ᠪᠤᠢ ︖

– ᠦᠵᠡᠰᠭᠦᠯᠡᠩ ᠪᠤᠯ ᠠᠯᠭᠠᠰᠠᠬᠤ ᠦᠭᠡᠢ ᠰᠢᠣ ᠳ᠋ᠠ᠃ ᠭᠠᠳᠠᠭ᠌ᠰᠢ ᠪᠡᠨ ᠶᠠᠪᠤᠬᠣ ᠳ᠋ᠠᠭᠠᠨ ᠪᠢ ᠵᠠᠪᠠᠯ ᠵᠢᠷᠤᠭ ᠤᠨ ᠦᠵᠡᠰᠭᠦᠯᠡᠩ ᠦᠵᠡᠨ᠎ᠠ᠃ ᠳᠣᠷᠠᠲᠠᠢ ᠶᠤᠮ ᠴᠢᠨᠢ᠃ ᠦᠪᠡᠷ ᠢᠶᠠᠨ ᠴᠢᠳᠠᠬᠤ ᠦᠭᠡᠢ ᠪᠤᠯᠬᠤᠷ ᠰᠠᠢᠬᠠᠨ ᠵᠢᠷᠣᠭ ᠬᠠᠷᠠᠬᠤ ᠰᠠᠢᠬᠠᠨ ᠰᠢᠣ ᠳ᠋ᠠ᠃

– ᠬᠦᠮᠦᠰ ᠲᠠᠨ ᠡᠴᠡ ᠣᠷᠠᠨ ᠵᠣᠬᠢᠶᠠᠯ ᠤᠨ ᠲᠦᠪᠰᠢᠨ ᠶᠡᠬᠡ ᠠᠰᠠᠭᠤᠳᠠᠭ ᠪᠠᠢᠬ᠎ᠠ᠃ ᠣᠷᠠᠨ ᠵᠢᠷᠤᠭ ᠤᠨ ᠲᠤᠬᠠᠢ ᠳ᠋ᠦ ᠲᠦᠪᠰᠢᠨ ᠨᠢ ᠬᠠᠮᠢᠭ᠎ᠠ ᠪᠠᠢᠨ᠎ᠠ ᠪᠤᠢ ︖

– ᠣᠷᠠᠨ ᠵᠤᠬᠢᠶᠠᠯ ᠡᠴᠡ ᠦᠨᠳᠦᠷ ᠪᠠᠢᠭ᠎ᠠ᠃ ᠡᠷᠢᠯ ᠬᠢᠵᠦ ᠪᠠᠢᠭ᠎ᠠ ᠵᠡᠷᠭᠡ ᠨᠢ ᠵᠤᠬᠢᠶᠠᠯᠴᠢᠳ ᠡᠴᠡ ᠢᠯᠡᠭᠦᠦ᠃ ᠶᠡᠬᠡ ᠶᠠᠭᠤᠮ᠎ᠠ ᠬᠢᠵᠦ ᠪᠠᠢᠨ᠎ᠠ ᠰᠢᠣ ᠳ᠋ᠠ᠃ ᠮᠠᠨ ‍ᠥ ᠵᠢᠷᠣᠭᠠᠴᠢᠳ ᠢᠯᠡᠭᠦᠦ ᠦᠨᠳᠦᠷ ᠲᠦ ᠪᠠᠢᠭ᠎ᠠ ᠳ᠋ᠦ ᠨᠢ ᠶᠡᠬᠡ ᠪᠠᠶᠠᠷᠯᠠᠳᠠᠭ᠃ ᠲᠡᠳᠡ ᠣᠨ ᠴᠠᠭ᠂ ᠨᠡᠢᠭᠡᠮ ᠲᠠᠢ ᠪᠠᠨ ᠣᠷᠢᠶᠠᠴᠠᠯᠳᠤᠳᠠᠭ ᠦᠭᠡᠢ᠂ ᠨᠣᠪᠰᠢᠷᠠᠳᠠᠭ ᠦᠭᠡᠢ ᠣᠯᠤᠰ ᠪᠠᠢᠬᠤ ᠦᠭᠡᠢ ᠤᠤ᠃ ᠲᠤᠭᠤᠬᠤ ᠴᠦ ᠦᠭᠡᠢ᠃ ᠲᠡᠢᠮᠦ ᠡᠴᠡ ᠪᠦᠲᠦᠭᠡᠯ ᠨᠢ ᠰᠠᠢᠨ ᠪᠠᠢᠭ᠎ᠠ ᠶᠤᠮ ᠃

– ᠲᠠᠨ ᠳ᠋ᠦ ᠰᠠᠶ᠋ᠢ ᠢᠷᠡᠭ᠍ᠰᠡᠨ ᠣᠷᠢᠯᠭ᠎ᠠ ᠨᠣᠭᠣᠳ ᠲᠣ ᠣᠴᠢᠬᠤ ᠦᠭᠡᠢ ᠭᠡᠰᠡᠨ᠃ ᠪᠦᠬᠦ ᠣᠷᠢᠯᠭ᠎ᠠ ᠳ᠋ᠥ ᠲᠠᠲᠠᠭᠠᠯᠵᠠᠳᠠᠭ ᠶᠤᠮ ᠪᠢᠰᠢ ᠪᠢᠵᠠ ᠳ᠋ᠠ ︖

– ᠣᠯᠠᠨ ᠲᠠᠢ ᠭᠠᠵᠠᠷ ᠠᠯᠢ ᠪᠤᠯᠬᠤ ᠶᠠᠪᠣᠬᠣ ᠦᠭᠡᠢ ᠶ᠋ᠢ ᠯᠠ ᠪᠣᠳᠣᠳᠠᠭ ᠬᠦᠮᠦᠨ᠃ ᠳ ᠂ ᠴᠤᠣᠳᠠᠯ ᠨᠢᠭᠡ ᠪᠢᠴᠢᠭ᠍ᠰᠡᠨ ᠪᠠᠢᠭᠰᠠᠨ ᠰᠢᠣ  ᠳ᠋ᠠ᠃《ᠯᠾᠬᠠᠪᠠᠰᠦ᠋ᠷᠦᠩ ᠦᠪᠡᠷ ᠤᠨ ᠵᠢᠡᠨ ᠣᠷᠠᠨ ᠪᠦᠲᠦᠭᠡᠯ ᠤᠨ ᠦᠵᠡᠰᠭᠦᠯᠡᠩ ᠳ᠋ᠦ ᠴᠦ ᠢᠷᠡᠬᠦ ᠦᠭᠡᠢ ᠪᠠᠢᠵᠤ ᠮᠡᠳᠡᠬᠦ ᠬᠦᠮᠦᠨ ᠳ᠋ᠠ 》ᠭᠡᠵᠦ ᠃

– ᠲᠠ ᠶᠡᠬᠡ ᠲᠠᠢᠪᠣᠩ ᠬᠦᠮᠦᠨ ᠶᠤᠮ ᠡ ︖

– ᠲᠡᠭᠡᠭᠡᠳ ᠶᠠᠮᠠᠷ ᠬᠦᠮᠦᠨ ᠪᠠᠢᠨ᠎ᠠ ᠭᠡᠵᠦ ᠪᠣᠳᠣᠪᠠ ᠃

– ᠠᠭᠤᠷ ᠳᠠᠢ ᠬᠦᠮᠦᠨ ᠭᠡᠵᠦ ᠪᠣᠳᠣᠭᠰᠠᠨ ᠃

– ᠦᠰᠦᠨ ᠡᠴᠡ ᠪᠡᠨ ᠡᠬᠢᠯᠡᠭᠡᠳ ᠲᠡᠭᠡᠵᠦ ᠬᠠᠷᠠᠭᠳᠠᠪᠠ ᠤᠤ᠂ ᠬᠠᠨᠢ ᠡᠴᠡ ᠮᠠᠨᠢ ᠦᠭᠡᠷ᠎ᠡ ᠨᠠᠮᠠᠢᠢ ᠣᠢᠯᠠᠭᠠᠬᠤ ᠬᠦᠮᠦᠨ ᠪᠠᠢᠬᠤ ᠦᠭᠡᠢ  ᠳ᠋ᠠ ᠃

– ᠶᠡᠷᠦ ᠨᠢ ᠦᠳᠡᠯᠦᠬᠡ ᠨᠠᠰᠤ ᠶᠠᠮᠠᠷ ᠪᠠᠢᠬᠤ ᠶᠤᠰᠤᠲᠠᠢ᠂ ᠲᠡᠷᠡ ᠵᠡᠷᠴᠢᠮ ᠳᠡᠭᠡᠷ᠎ᠡ ᠪᠡᠨ ᠲᠠ ᠬᠢᠷᠢ ᠪᠠᠢᠨ᠎ᠠ ᠭᠡᠵᠦ ᠪᠣᠳᠣᠳᠠᠭ ᠪᠤᠢ ︖

– ᠦᠳᠡᠯᠦᠭᠡ ᠨᠠᠰᠤ ᠭᠡᠵᠦ ᠲᠣᠰᠬᠠᠢ ᠬᠠᠤᠯᠢ ᠵᠢᠷᠤᠮ ᠲᠠᠢ ᠶᠠᠭᠤᠮ᠎ᠠ ᠪᠢᠰᠢ ᠯᠠ ᠳ᠋ᠠ᠃ ᠬᠦᠮᠦᠨ ᠦᠪᠡᠷ ᠢᠶᠠᠨ ᠦᠪᠡᠷ ᠤᠨ ᠬᠢ ᠪᠡᠷ ᠢᠶᠠᠨ ᠦᠳᠡᠯᠵᠦ ᠪᠤᠯᠤᠨ᠎ᠠ ᠰᠢᠣ ᠳ᠋ᠧ᠂ ᠪᠢ ᠪᠤᠯ ᠮᠦᠷ ᠢᠶᠠᠷ ᠢᠶᠠᠨ ᠦᠲᠡᠯᠦᠭᠡᠳ᠂ ᠮᠦᠷ ᠢᠢᠠᠷ ᠢᠢᠠᠨ ᠦᠬᠦᠬᠦ ᠶᠣᠮ ᠰᠠᠨ ᠯᠠ ᠭᠡᠵᠦ ᠪᠣᠳᠣᠳᠠᠭ᠃ ᠪᠢ ᠶᠡᠷᠦ ᠨᠢ ᠮᠦᠷ ᠢᠶᠠᠷ ᠢᠶᠠᠨ ᠶᠠᠪᠤᠬᠣ ᠵᠢ ᠯᠠ ᠡᠷᠬᠢᠮ ᠪᠣᠯᠭᠠᠳᠠᠭ ᠬᠦᠮᠦᠨ᠃

ᠰᠡᠳᠬᠢᠭᠳᠡᠯ ᠦᠯᠡᠳᠡᠭᠡᠬᠦ