ᠯ∙ᠤᠶᠤᠡᠡᠷᠳᠡᠨᠢ 2021 ᠣᠨ ᠤ ᠨᠢᠭᠡᠳᠦᠭᠡᠷ ᠰᠠᠷ᠎ᠠ ᠶᠢᠨ ᠬᠣᠷᠢᠨ ᠳᠣᠯᠣᠭᠠᠨ ᠳᠤ ᠮᠣᠩᠭᠣᠯ ᠤᠯᠤᠰ ᠤᠨ ᠶᠡᠷᠦᠩᠬᠡᠢ ᠰᠠᠢᠳ ᠪᠣᠯᠵᠤ᠂ 2025 ᠣᠨ ᠤ ᠵᠢᠷᠭᠤᠳᠤᠭᠠᠷ ᠰᠠᠷ᠎ᠠ ᠶᠢᠨ ᠭᠤᠷᠪᠠᠨ ᠳᠤ ᠣᠭᠴᠣᠷᠠᠭᠰᠠᠨ ᠪᠠᠢᠳᠠᠭ᠃ ᠳᠥᠷᠪᠡᠨ ᠵᠢᠯ 116 ᠬᠣᠨᠤᠭ ᠶᠡᠷᠦᠩᠬᠡᠶ ᠰᠠᠢᠳ ᠢᠶᠠᠷ ᠠᠵᠢᠯᠯᠠᠭᠰᠠᠨ ᠲᠡᠭᠦᠨ ᠦ ᠣᠭᠴᠤᠷᠠᠬᠤ ᠰᠢᠯᠲᠠᠭᠠᠨ ᠨᠢ ᠬᠦᠦ ᠣ∙ ᠲᠡᠮᠡᠦᠯᠦᠨ ᠪᠤᠯᠦᠠ ᠲᠡᠭᠦᠨ ᠤ ᠨᠠᠢᠵᠠ ᠪᠦᠰᠡᠭᠦᠢ ᠶᠢᠨ《ᠲᠠᠩᠰᠤᠭᠯᠠᠯ》 ᠡᠴᠡ ᠡᠭᠦᠳᠦᠭ᠍ᠰᠡᠨ ᠬᠠᠷᠠᠳᠠᠯᠭ᠎ᠠ ᠠᠴᠠ ᠤᠯᠪᠠᠭ᠎ᠠ ᠲᠠᠢ ᠭᠡᠵᠦ ᠬᠡᠯᠡᠵᠦ ᠪᠣᠯᠤᠨ᠎ᠠ ᠃
ᠬᠠᠷᠠᠳᠠᠯᠭ᠎ᠠ ᠬᠡᠮᠡᠨ ᠣᠨᠴᠠᠯᠠᠬᠤ ᠶᠢᠨ ᠤᠴᠢᠷ ᠨᠢ ᠂ ᠯ∙ᠤᠶᠤᠡᠡᠷᠳᠡᠨᠢ ᠶᠢᠨ 20 ᠭᠠᠷᠤᠢᠬᠠᠨ ᠨᠠᠰᠤ ᠲᠠᠢ ᠬᠦᠦ ᠨᠠᠢᠵᠠ ᠥᠬᠢᠨ ᠳᠤ ᠪᠠᠨ ᠦᠨ᠎ᠡ ᠲᠠᠢ ᠲᠠᠩᠰᠤᠭ ᠮᠠᠰᠢᠨ᠂ ᠬᠡᠳᠦᠨ ᠰᠠᠶ᠎ᠠ ᠲᠥᠭᠥᠷᠢᠭ ᠦᠨ ᠦᠨ᠎ᠡ ᠲᠠᠢ ᠴᠦᠩᠬᠦ ᠪᠡᠯᠡᠭ᠍ᠯᠡᠵᠦ᠂ ᠲᠥᠷᠦᠭ᠍ᠰᠡᠨ ᠡᠳᠦᠷ ᠢᠶᠠᠷ ᠨᠢ 20 ᠰᠠᠶ᠎ᠠ ᠲᠥᠭᠥᠷᠢᠭ ᠰᠢᠯᠵᠢᠭᠦᠯᠦᠭ᠍ᠰᠡᠨ ᠨᠢ ᠴᠠᠬᠢᠮ ᠣᠷᠴᠢᠨ ᠳᠤ ᠢᠯᠡ ᠪᠣᠯᠣᠭᠰᠠᠨ ᠤ ᠳᠠᠷᠠᠭ᠎ᠠ ᠪᠠᠷ ᠣᠯᠠᠨ ᠨᠡᠢᠲᠡ ᠲᠡᠳᠡᠨ ᠢ ᠲᠠᠲᠠᠪᠤᠷᠢ ᠲᠥᠯᠥᠭ᠍ᠴᠢᠳ ᠦᠨ ᠮᠥᠩᠭᠥ ᠪᠡᠷ ᠲᠠᠩᠰᠤᠭᠯᠠᠵᠤ ᠪᠠᠢᠵᠤ ᠪᠣᠯᠵᠤᠰᠢ ᠦᠭᠡᠶ ᠭᠡᠬᠦ ᠠᠰᠠᠭᠤᠳᠠᠯ ᠢ ᠬᠥᠨᠳᠡᠵᠦ᠂ ᠤᠯᠠᠮ ᠢᠶᠠᠷ ᠶᠡᠷᠦᠩᠬᠡᠶ ᠰᠠᠢᠳ ᠯ∙ᠤᠶᠤᠡᠡᠷᠳᠡᠨᠢ ᠶᠢ ᠣᠷᠣᠯᠭ᠎ᠠ ᠪᠠᠨ ᠨᠣᠲᠠᠯᠠᠬᠤ ᠶᠢ ᠱᠠᠭᠠᠷᠳᠠᠭᠰᠠᠨ ᠪᠢᠯᠡ ᠃
ᠠᠰᠠᠭᠤᠳᠠᠯ ᠶᠠᠪᠤᠨ ᠶᠠᠪᠤᠭᠰᠠᠭᠠᠷ ᠮᠣᠩᠭᠣᠯ ᠠᠷᠠᠳ ᠤᠨ ᠨᠠᠮ ᠤᠨ ᠪᠡᠭ᠎ᠠ ᠬᠤᠷᠠᠯ ᠢ ᠬᠤᠷᠠᠯᠳᠤᠭᠤᠯᠵᠤ᠂ ᠬᠠᠮᠲᠤᠷᠠᠭᠰᠠᠨ ᠵᠠᠰᠠᠭ ᠤᠨ ᠭᠠᠵᠠᠷ ᠦᠷᠬᠦᠯᠵᠢᠯᠡᠬᠦ ᠡᠰᠡᠬᠦ᠂ ᠴᠢᠨᠠᠭᠰᠢᠯᠠᠪᠠᠯ《ᠬᠠᠳᠠᠭ ᠪᠠᠷᠢᠵᠤ ᠭᠤᠶᠤᠭᠰᠠᠨ》ᠠᠷᠠᠳᠴᠢᠯᠠᠭᠰᠠᠨ ᠨᠠᠮ ᠢᠶᠠᠨ ᠵᠠᠰᠠᠭ ᠠᠴᠠ ᠬᠥᠭᠡᠭᠡᠬᠦ ᠲᠤᠬᠠᠢ᠂ ᠤᠯᠤᠰ ᠤᠨ ᠶᠡᠬᠡ ᠬᠤᠷᠠᠯ ᠯ∙ᠤᠶᠤᠡᠡᠷᠳᠡᠨᠢ ᠳᠤ ᠢᠲᠡᠭᠡᠯ ᠬᠦᠯᠢᠶᠡᠯᠭᠡᠬᠦ ᠲᠤᠬᠠᠶ ᠠᠰᠠᠭᠤᠳᠠᠯ ᠪᠣᠯᠣᠨ ᠬᠤᠪᠢᠷᠠᠵᠤ᠂ ᠡᠳᠦᠷᠵᠢᠨ ᠰᠥᠨᠢᠵᠢᠨ ᠬᠡᠯᠡᠯᠴᠡᠬᠦ ᠪᠣᠯᠲᠠᠯ᠎ᠠ ᠪᠠᠨ ᠬᠦᠨᠳᠦᠷᠡᠵᠦ᠂ ᠵᠢᠷᠭᠤᠭᠠᠨ ᠰᠠᠷ᠎ᠠ ᠶᠢᠨ ᠭᠤᠷᠪᠠᠨ ᠤ ᠬᠠᠷ᠎ᠠ ᠥᠷᠯᠥᠭᠡ ᠮᠣᠩᠭᠣᠯ ᠤᠯᠤᠰ ᠤᠨ ᠶᠡᠬᠡ ᠬᠤᠷᠠᠯ ᠯ∙ᠤᠶᠤᠡᠡᠷᠳᠡᠨᠢ ᠳᠦ ᠢᠲᠡᠭᠡᠯ ᠬᠦᠯᠢᠶᠡᠯᠭᠡᠬᠦ ᠦᠭᠡᠢ᠂ ᠶᠡᠷᠦᠩᠬᠡᠢ ᠰᠠᠢᠳ ᠤᠨ ᠠᠯᠪᠠᠨ ᠲᠤᠰᠢᠶᠠᠯ ᠢ ᠦᠷᠭᠦᠯᠵᠢᠯᠡᠭᠦᠯᠦᠨ ᠬᠠᠰᠢᠬᠤ ᠪᠣᠯᠣᠮᠵᠢ ᠦᠭᠡᠢ ᠭᠡᠵᠦ ᠦᠵᠡᠭ᠍ᠰᠡᠨ᠃
ᠠᠪᠯᠢᠭ᠎ᠠ ᠲᠠᠢ ᠲᠡᠮᠡᠴᠡᠬᠦ ᠭᠠᠵᠠᠷ ᠨᠢ ᠤᠯᠤᠰ ᠤᠨ ᠶᠡᠭᠡ ᠬᠤᠷᠠᠯ ᠤᠨ ᠭᠡᠰᠢᠭᠦᠨ ᠯ ∙ᠤᠶᠤᠡᠡᠷᠳᠡᠨᠢ ᠶᠢᠨ ᠬᠦᠦ ᠲᠡᠮᠡᠦᠯᠦᠨ ᠲᠠᠢ ᠬᠣᠯᠪᠣᠭ᠎ᠠ ᠲᠠᠢ ᠠᠰᠠᠭᠤᠳᠠᠯ ᠢ 60 ᠬᠣᠨᠣᠭ ᠰᠢᠯᠭᠠᠵᠤ᠂ ᠰᠢᠢᠳᠪᠦᠷᠢ ᠪᠡᠨ ᠭᠠᠷᠭᠠᠭᠰᠠᠨ ᠨᠢ ᠠᠬᠢᠭᠠᠳ ᠤᠯᠠᠨ ᠨᠡᠢᠲᠡ ᠶᠢᠨ ᠠᠩᠬᠠᠷᠤᠯ ᠳᠤ ᠣᠷᠣᠪᠠ᠃
ᠮᠣᠩᠭᠣᠯ ᠤᠯᠤᠰ ᠤᠨ ᠬᠠᠤᠯᠢ ᠪᠠᠷ ᠨᠡᠢᠲᠡ ᠶᠢᠨ ᠠᠯᠪᠠᠨ ᠲᠤᠰᠢᠶᠠᠯᠲᠠᠨ ᠨᠢ ᠥᠪᠡᠷ ᠤᠨ ᠪᠤᠯᠦᠠ ᠭᠡᠷ ᠪᠦᠯᠢ ᠶᠢᠨ ᠭᠡᠰᠢᠭᠦᠳ ᠦᠨ ᠬᠥᠷᠥᠩᠭᠡ᠂ ᠣᠷᠣᠯᠭ᠎ᠠ ᠶᠢᠨ ᠪᠠᠢᠳᠠᠯ ᠢ ᠬᠠᠤᠯᠢ ᠳᠤ ᠵᠢᠭᠠᠭᠰᠠᠨ ᠬᠤᠭᠤᠴᠠᠭᠠᠨ ᠳᠤ ᠦᠨᠡᠨ ᠵᠥᠪ ᠮᠡᠳᠡᠭᠦᠯᠬᠦ᠂ ᠬᠥᠷᠥᠩᠭᠡ᠂ ᠣᠷᠣᠯᠭ᠎ᠠ ᠶᠢᠨ ᠡᠬᠢ ᠡᠭᠦᠰᠪᠦᠷᠢ ᠪᠡᠨ ᠪᠣᠳᠠᠲᠠᠢ᠂ ᠦᠨᠡᠨ ᠵᠥᠪ ᠲᠠᠢᠢᠯᠪᠤᠷᠢᠯᠠᠬᠤ ᠡᠭᠦᠷᠭᠡ ᠬᠦᠯᠢᠶᠡᠳᠡᠭ᠃ ᠬᠠᠷᠢᠨ ᠣ ∙ ᠲᠡᠮᠡᠦᠯᠦᠨ ᠨᠢ ᠲᠡᠢᠮᠤ ᠡᠭᠦᠷᠭᠡ ᠪᠦᠬᠦᠢ ᠨᠡᠢᠲᠡ ᠶᠢᠨ ᠠᠯᠪᠠᠨ ᠲᠤᠰᠢᠶᠠᠯᠲᠠᠨ ᠪᠢᠰᠢ᠃ ᠬᠡᠳᠦᠢ ᠲᠠᠢᠮᠤ ᠴᠤ ᠬᠢᠨᠠᠯᠲᠠ ᠰᠢᠯᠭᠠᠯᠲᠠ ᠪᠠᠷ ᠲᠡᠭᠦᠨ ᠤ ᠵᠠᠷᠤᠴᠠᠭᠤᠯᠤᠭᠰᠠᠨ ᠮᠥᠩᠭᠥ ᠬᠠᠤᠯᠢ ᠶᠣᠰᠣᠨ ᠤ ᠪᠣᠯᠬᠤ ᠨᠢ ᠲᠣᠭᠲᠠᠭᠠᠭᠳᠠᠵᠠᠢ᠃
ᠣ ∙ ᠲᠡᠮᠡᠦᠯᠦᠨ ᠤ ᠠᠪᠠᠭ᠎ᠠ ᠠᠬ᠎ᠠ᠂《ᠾᠧᠷᠤ᠋ ᠢᠨᠲ᠋ᠧᠷᠲ᠋ᠠᠢᠮᠸᠨᠲ ᠭᠷᠦ᠋ᠫ 》ᠺᠣᠮᠫᠠᠨᠢ ᠶᠢᠨ ᠭᠦᠢᠴᠡᠳᠬᠡᠬᠦ ᠵᠠᠬᠢᠷᠤᠯ ᠪ ∙ ᠪᠠᠭᠠᠲᠤᠷ ᠨᠢ ᠺᠣᠮᠫᠠᠨᠢ ᠶᠢᠨ ᠣᠷᠣᠯᠭ᠎ᠠ ᠠᠴᠠ ᠪᠠᠨ ᠣ ∙ ᠲᠡᠮᠡᠦᠯᠦᠨ ᠳᠤ᠄ 2025 ᠣᠨ ᠤ ᠨᠢᠭᠡᠳᠦᠭᠡᠷ ᠰᠠᠷ᠎ᠠ ᠶᠢᠨ 12 ᠣ ᠡᠳᠦᠷ 150 ᠰᠠᠶ᠎ᠠ ᠲᠥᠭᠥᠷᠢᠭ᠂ 3 ᠳ᠋ᠤᠭᠠᠷ ᠰᠠᠷ᠎ᠠ ᠶᠢᠨ 16 ᠣ ᠡᠳᠦᠷ 80 ᠰᠠᠶ᠎ᠠ ᠲᠥᠭᠥᠷᠢᠭ᠂ ᠳᠥᠷᠪᠡᠳᠦᠭᠡᠷ ᠰᠠᠷ᠎ᠠ ᠶᠢᠨ 5 ᠣ ᠡᠳᠦᠷ 70 ᠰᠠᠶ᠎ᠠ ᠲᠥᠭᠥᠷᠢᠭ ᠪᠤᠶᠤ ᠨᠡᠢᠲᠡ 300 ᠰᠠᠶ᠎ᠠ ᠲᠥᠭᠥᠷᠢᠭ︵ ᠣᠢᠷᠠᠯᠴᠠᠭ᠎ᠠ ᠪᠠᠷ ᠵᠢᠷᠠᠨ ᠲᠦᠮᠡᠨ ᠶᠤᠸᠠᠨ︶ᠰᠢᠯᠵᠢᠭᠦᠯᠦᠨ ᠥᠭ᠍ᠭᠦᠭ᠍ᠰᠡᠨ ᠪᠣᠯᠬᠤ ᠨᠢ ᠬᠤᠯᠪᠦᠬᠳᠡᠬᠤ ᠡᠲᠡᠭᠡᠳ ᠤᠳ ᠦᠨ ᠲᠠᠢᠯᠪᠤᠷᠢ᠂ ᠰᠠᠩᠬᠦᠦ ᠶᠢᠨ ᠪᠠᠷᠢᠮᠲᠠ ᠨᠤᠭᠤᠳ ᠢᠶᠠᠷ ᠨᠣᠲᠠᠯᠠᠭᠳᠠᠭᠰᠠᠨ ᠪᠡᠢᠨ᠎ᠡ᠃
ᠣ ∙ ᠲᠡᠮᠡᠦᠯᠦᠨ ᠨᠢ《ᠨᠠᠢᠵᠠ ᠦᠬᠢᠨ ᠤ ᠬᠠᠮᠲᠤ ᠨᠢᠰᠳᠡᠭ ᠲᠡᠷᠭᠡ ᠪᠡᠷ ᠵᠣᠷᠴᠢᠭ᠌ᠰᠠᠨ》 ᠭᠡᠬᠦ ᠠᠰᠠᠭᠤᠳᠠᠯ ᠢ ᠰᠢᠯᠭᠠᠬᠤ ᠳᠤ《ᠾᠧᠷᠤ᠋ ᠢᠨᠲ᠋ᠧᠷᠲ᠋ᠠᠢᠮᠸᠨᠲ ᠭᠷᠦ᠋ᠫ 》 ᠺᠣᠮᠫᠠᠨᠢ ᠨᠢ ᠤᠷᠠᠨ ᠰᠠᠢᠬᠠᠨ ᠤ ᠣᠯᠠᠨ ᠠᠩᠭᠢᠲᠤ ᠺᠢᠨᠣ᠋ ᠶᠢᠨ ᠵᠢᠷᠤᠭ ᠠᠪᠬᠤ ᠭᠠᠵᠠᠷ ᠤᠳ ᠢ ᠰᠤᠳᠤᠯᠬᠤ ᠪᠠᠷ ᠪᠤᠯᠠᠭᠠᠨ ᠠᠢᠮᠠᠭ ᠲᠤ ᠠᠵᠢᠯᠯᠠᠬᠤ ᠪᠡᠷ《ᠠᠯᠢᠹᠠ ᠠᠪᠷᠤᠷᠠ ᠡᠸᠢᠱᠢᠨ》ᠺᠣᠮᠫᠠᠨᠢ ᠲᠠᠢ 2025 ᠣᠨ ᠤ ᠳᠥᠷᠪᠡᠳᠦᠭᠡᠷ ᠰᠠᠷ᠎ᠠ ᠶᠢᠨ 21 ᠤ ᠡᠳᠦᠷ ᠪᠠᠢᠭᠤᠯᠤᠭᠰᠠᠨ《ᠵᠠᠬᠢᠶᠠᠯᠠᠭᠠᠲᠤ ᠨᠢᠰᠦᠯᠭᠡ ᠶᠢᠨ ᠭᠡᠷ᠎ᠡ 》 ᠶᠢᠨ ᠳᠠᠭᠠᠤ ᠤᠯᠠᠭᠠᠨᠪᠠᠭᠠᠲᠤᠷ ᠬᠣᠲᠠ ᠠᠴᠠ ᠣᠩᠭᠣᠴᠠ ᠪᠠᠷ ᠲᠡᠰᠢ ᠨᠢᠰᠦᠭ᠍ᠰᠡᠨ ᠪᠥᠭᠡᠳ ᠨᠢᠰᠦᠯᠭᠡ ᠶᠢᠨ ᠪᠠᠭ ᠲᠤ ᠣ ∙ ᠲᠡᠮᠡᠦᠯᠦᠨ᠂ ᠨᠠᠢᠵᠠ ᠥᠬᠢᠨ ᠲᠠᠢ ᠪᠠᠨ ᠬᠠᠮᠲᠤ ᠪᠠᠢᠭᠰᠠᠨ ᠭᠡᠵᠡᠢ ᠃
ᠯ∙ᠤᠶᠤᠡᠡᠷᠳᠡᠨᠢ ᠶᠢᠨ ᠡᠬᠡ ᠥᠭᠡᠷ᠎ᠡ᠂ ᠡᠴᠢᠭᠡ ᠨᠢᠭᠡ ᠠᠬ᠎ᠠ᠂《ᠾᠧᠷᠤ᠋ ᠢᠨᠲ᠋ᠧᠷᠲ᠋ᠠᠢᠮᠸᠨᠲ ᠭᠷᠦ᠋ᠫ 》ᠺᠣᠮᠫᠠᠨᠢ ᠶᠢᠨ ᠭᠦᠢᠴᠡᠳᠬᠡᠬᠦ ᠵᠠᠬᠢᠷᠤᠯ ᠪ ∙ ᠪᠠᠭᠠᠲᠤᠷ ᠪᠣᠯ ᠥᠭᠡᠷ᠎ᠡ ᠬᠥᠮᠥᠨ ᠪᠢᠰᠢ᠂《ᠮᠣᠩᠭᠣᠯ ᠲᠤᠯᠭᠠᠲᠠᠨ ᠤ ᠵᠠᠭᠤᠨ ᠡᠷᠬᠢᠮ》 ᠨᠡᠪᠲᠡᠷᠡᠭᠦᠯᠭᠡ ᠶᠢᠨ ᠨᠠᠢᠷᠠᠭᠤᠯᠤᠭ᠌ᠴᠢ ᠪᠥᠭᠡᠳ《ᠲᠠᠮᠠᠭ᠎ᠠ ᠦᠭᠡᠢ ᠲᠥᠷᠥ》 ᠵᠦᠴᠦᠭᠡ ᠶᠢ ᠨᠠᠢᠷᠠᠭᠤᠯᠵᠤ᠂ ᠠᠯᠳᠠᠷ ᠮᠠᠨᠳᠤᠭᠰᠠᠨ ᠨᠢᠭᠡᠨ ᠪᠢᠯᠡ᠃ ᠲᠡᠷᠡᠪᠡᠷ《 ᠲᠠᠮᠠᠭ᠎ᠠ ᠦᠭᠡᠢ ᠲᠥᠷᠥ》 ᠵᠦᠴᠦᠭᠡ ᠪᠡᠨ ᠣᠷᠳᠣᠰ ᠲᠤ ᠭᠠᠷᠭᠠᠬᠤ ᠭᠡᠵᠦ ᠨᠢᠭᠡᠨ ᠺᠣᠮᠫᠠᠨᠢ ᠲᠠᠢ ᠭᠡᠷ᠎ᠡ ᠬᠢᠵᠤ᠂ ᠪᠢᠯᠧᠲ ᠢᠶᠡᠨ ᠵᠠᠷᠤᠭᠰᠠᠨ ᠪᠣᠯᠪᠠᠴᠤ᠂ ᠡᠴᠦᠰ ᠦᠨ ᠮᠥᠴᠡ ᠳᠦ ᠵᠥᠪᠰᠢᠶᠡᠷᠡᠯ ᠴᠢᠳᠠᠭ᠎ᠠ ᠦᠭᠡᠢ ᠨᠤᠲᠤᠭ ᠪᠤᠴᠠᠭᠰᠠᠨ ᠪᠠᠢᠳᠠᠭ᠃《ᠾᠧᠷᠤ᠋ ᠢᠨᠲ᠋ᠧᠷᠲ᠋ᠠᠢᠮᠸᠨᠲ ᠭᠷᠦ᠋ᠫ 》ᠺᠣᠮᠫᠠᠨᠢ ᠶᠢᠨ ᠲᠠᠪᠢᠨ ᠬᠤᠪᠢ ᠶᠢ ᠯ ∙ᠤᠶᠤᠡᠡᠷᠳᠡᠨᠢ ᠡᠵᠡᠮᠰᠢᠳᠡᠭ ᠪᠠᠢᠨ᠎ᠠ᠃