ᠮᠣᠩᠭᠣᠯ ᠤᠨ ᠵᠢᠦ᠋ᠳᠤ᠋ ᠪᠥᠬᠡ ᠶᠢᠨ ᠰᠢᠭ᠍ᠰᠢᠭᠡ ᠪᠠᠭ ᠤᠨ ᠲᠠᠮᠢᠷᠴᠢᠳ《 ᠫᠠᠷᠢᠰ 2024》ᠵᠤᠨ ᠤ ᠤᠯᠢᠮᠫᠢᠺ ᠤᠨ ᠨᠠᠭᠠᠳᠤᠮ ᠠᠴᠠ ᠨᠢᠭᠡ ᠮᠥᠩᠭᠥ᠂《ᠪᠤᠳᠠᠫᠧᠱᠲ 2025》ᠳᠡᠯᠡᠬᠡᠢ ᠶᠢᠨ ᠠᠪᠤᠷᠭᠤ ᠰᠢᠯᠭᠠᠷᠠᠭᠤᠯᠬᠤ ᠲᠡᠮᠡᠴᠡᠭᠡᠨ ᠡᠴᠡ ᠬᠣᠶᠠᠷ ᠬᠦᠷᠡᠯ ᠮᠧᠳᠠᠯ ᠬᠦᠷᠲᠡᠭ᠍ᠰᠡᠨ ᠪᠢᠯᠡ᠃ ᠵᠢᠦ᠋ᠳᠤ᠋ ᠪᠥᠬᠡ ᠶᠢᠨ ᠦᠨᠳᠦᠰᠦᠨ ᠤ ᠰᠢᠭ᠍ᠰᠢᠭᠡ ᠪᠠᠭ ᠤᠨ ᠳᠠᠰᠬᠠᠯᠵᠢᠭᠤᠯᠤᠭ᠌ᠴᠢ ᠮ ∙ ᠪᠤᠨᠳᠠᠮᠠ ᠠᠵᠢᠯ ᠢᠶᠠᠨ ᠥᠭ᠍ᠬᠦ ᠪᠡᠷ ᠪᠣᠯᠣᠭᠰᠠᠨ ᠢᠶᠠᠨ ᠮᠡᠳᠡᠭ᠍ᠳᠡᠯ᠎ᠡ ᠃
ᠲᠡᠭᠦᠨ ᠢ ᠠᠵᠢᠯ ᠢᠶᠠᠨ ᠦᠭ᠍ᠬᠦ ᠪᠣᠯᠣᠭᠰᠠᠨ ᠤ ᠳᠠᠷᠠᠭ᠎ᠠ ᠳᠠᠰᠬᠠᠯᠵᠢᠭᠤᠯᠤᠭ᠌ᠴᠢ ᠴ· ᠪᠣᠯᠤᠳᠪᠠᠭᠠᠲᠤᠷ ᠴᠤ ᠮᠥᠨ ᠰᠠᠨᠠᠯ ᠨᠢᠭᠡᠲᠡᠶ ᠪᠠᠢᠭ᠎ᠠ ᠪᠠᠨ ᠬᠡᠯᠡᠯ᠎ᠡ᠃ ᠥᠴᠥᠭᠡᠳᠦᠷ 《 ᠤᠯᠠᠭᠠᠨᠪᠠᠭᠠᠲᠤᠷ ᠶᠡᠭᠡ ᠲᠤᠭᠤᠯᠡᠭᠠ》ᠲᠡᠮᠡᠴᠡᠭᠡᠨ ᠥᠨᠳᠥᠷᠯᠡᠭ᠍ᠰᠡᠨ ᠃ 28 ᠣᠷᠣᠨ ᠤ ᠪᠠᠭ ᠲᠠᠮᠢᠷᠴᠢᠳ ᠣᠷᠣᠯᠴᠠᠭᠰᠠᠨ ᠲᠤᠰ ᠲᠡᠮᠡᠴᠡᠭᠡᠨ ᠳᠤ ᠶᠠᠫᠤᠨ ᠤᠯᠤᠰ ᠤᠨ ᠪᠠᠭ ᠲᠠᠮᠢᠷᠴᠢᠳ ᠲᠦᠷᠦᠭᠦᠯᠡᠭ᠍ᠰᠡᠨ ᠪᠣᠯ ᠮᠣᠩᠭᠣᠯ ᠤᠨ ᠪᠠᠭ ᠭᠤᠷᠪᠠᠨ ᠠᠯᠳᠠ ᠂ ᠨᠢᠭᠡ ᠮᠥᠩᠭᠥ᠂ ᠳᠣᠯᠤᠭᠠᠨ ᠬᠦᠷᠡᠯ ᠮᠧᠳᠠᠯ ᠲᠠᠢ ᠪᠠᠷ ᠬᠣᠶᠠᠳᠤᠭᠠᠷ ᠪᠠᠢᠷᠢ ᠳᠤ ᠣᠷᠣᠭᠰᠠᠨ ᠃