ᠮᠣᠩᠭᠣᠯ ᠲᠤᠭᠤᠷᠭᠠᠲᠠᠨ ᠤ ᠢᠷᠦᠭᠡᠯᠴᠢ ᠮᠠᠭᠲᠠᠭᠠᠯᠴᠢᠳ ᠤᠨ ᠣᠯᠠᠨ ᠤᠯᠤᠰ ᠤᠨ ᠠᠩᠬᠠᠳᠤᠭᠠᠷ ᠨᠠᠭᠠᠳᠤᠮ ᠥᠪᠥᠷᠬᠠᠩᠭᠠᠢ ᠠᠢᠮᠠᠭ ᠲᠤ ᠠᠩᠬ᠎ᠠ ᠤᠳᠠᠭ᠎ᠠ ᠪᠠᠨ ᠥᠷᠭᠡᠨ ᠳᠡᠯᠭᠡᠷ ᠵᠣᠬᠢᠶᠠᠨ ᠪᠠᠢᠭᠤᠯᠤᠭᠳᠠᠵᠤ ᠪᠡᠢᠨ᠎ᠡ᠃ ᠡᠨᠡ ᠬᠦ ᠨᠠᠭᠠᠳᠤᠮ ᠳᠤ ᠣᠷᠣᠰ ᠤᠨ ᠪᠤᠷᠢᠶᠠᠳ᠂ ᠬᠠᠯᠢᠮᠠᠭ᠂ ᠲᠤᠸᠠ ᠤᠯᠤᠰ ᠂ ᠬᠢᠲᠠᠳ ᠤᠨ ᠥᠪᠥᠷ ᠮᠣᠩᠭᠣᠯ ᠤᠨ ᠥᠪᠡᠷᠲᠡᠭᠡᠨ ᠵᠠᠰᠠᠬᠤ ᠣᠷᠣᠨ ᠪᠤᠯᠦᠠ ᠮᠣᠩᠭᠣᠯ ᠤᠯᠤᠰ ᠤᠨ ᠨᠡᠢᠰᠯᠡᠯ ᠤᠯᠠᠭᠠᠨᠪᠠᠭᠠᠲᠤᠷ ᠬᠤᠳᠠ ᠂ 15 ᠠᠢᠮᠠᠭ᠂ ᠥᠪᠯᠡᠨ ᠤᠯᠠᠮᠵᠢᠯᠠᠭ᠌ᠴᠢᠳ᠂ ᠢᠷᠦᠭᠡᠯᠴᠢ ᠮᠠᠭᠲᠠᠭᠠᠯᠴᠢᠳ ᠣᠷᠣᠯᠴᠠᠵᠤ ᠪᠡᠢᠨ᠎ᠡ ᠃
ᠲᠤᠰ ᠠᠷᠭ᠎ᠠ ᠬᠡᠮᠵᠢᠶ᠎ᠡ ᠶᠢ ᠨᠡᠭᠡᠭᠡᠵᠦ᠂ ᠠᠢᠮᠠᠭ ᠤᠨ ᠢᠷᠭᠡᠳ ᠤᠨ ᠲᠥᠯᠥᠭᠡᠯᠡᠭ᠍ᠴᠢᠳ ᠤᠨ ᠬᠤᠷᠠᠯ ᠤᠨ ᠳᠠᠷᠤᠭ᠎ᠠ ᠲ· ᠨᠠᠷᠠᠠᠭᠠᠷᠪᠤ ᠦᠭᠡ ᠬᠡᠯᠡᠬᠦ ᠳᠦ ᠪᠡᠨ᠄ ᠮᠣᠩᠭᠣᠯ ᠤᠨ ᠲᠥᠷᠦ ᠨᠡᠢᠭᠡᠮ᠂ ᠱᠠᠰᠢᠨ ᠰᠣᠶᠤᠯ ᠤᠨ ᠰᠤᠤᠲᠤ ᠵᠢᠳᠬᠦᠯᠲᠡᠨ᠂ ᠠᠩᠬᠠᠳᠤᠭᠠᠷ ᠪᠤᠬᠳᠠ᠂ ᠦᠡᠳᠦᠷ ᠭᠡᠭᠡᠠ ᠵᠠᠨᠠᠪᠠᠽᠠᠷ ᠤᠨ ᠮᠡᠯᠮᠡᠶ ᠭᠡᠢᠭ᠍ᠰᠡᠨ ᠤ 390 ᠵᠢᠯ ᠦᠨ ᠣᠢ ᠶᠢᠨ ᠬᠦᠷᠢᠶᠡᠨ ᠳᠤ ᠵᠣᠬᠢᠶᠠᠨ ᠪᠠᠢᠭᠤᠯᠤᠭᠳᠠᠵᠤ ᠪᠤᠶ ᠡᠨᠡ ᠬᠦ ᠨᠠᠭᠠᠳᠤᠮ ᠨᠢ ᠮᠣᠩᠭᠣᠯᠴᠤᠳ ᠤᠨ ᠣᠶᠤᠨ ᠤ ᠳᠠᠬᠢᠨ ᠳᠠᠪᠲᠠᠭᠳᠠᠰᠢ ᠦᠭᠡᠶ ᠰᠣᠶᠤᠯ ᠤᠨ ᠪᠡᠶᠡᠲᠦ ᠪᠤᠰᠤ ᠥᠪ᠂ ᠡᠬᠡ ᠬᠡᠯᠡ᠂ ᠲᠡᠭᠦᠨ ᠤ ᠠᠮᠠᠨ ᠢᠯᠡᠷᠬᠡᠢᠯᠡᠯ ᠦᠨ ᠣᠨᠴᠠᠭᠠᠢ ᠬᠡᠯᠪᠡᠷᠢ ᠪᠣᠯᠬᠤ ᠢᠷᠦᠭᠡᠯ ᠂ ᠮᠠᠭᠲᠠᠭᠠᠯ ᠤᠨ ᠤᠷ᠎ᠠ ᠶᠢᠨ ᠰᠠᠩ ᠢ ᠪᠠᠶᠠᠵᠢᠭᠤᠯᠬᠤ ᠂ ᠥᠪᠯᠡᠨ ᠤᠯᠠᠮᠵᠢᠯᠠᠭᠤᠯᠬᠤ ᠂ ᠲᠦᠭᠡᠭᠡᠨ ᠳᠡᠯᠭᠡᠷᠡᠭᠦᠯᠬᠦ ᠂ ᠦᠭᠡ ᠶᠢᠨ ᠤᠷᠠᠯᠢᠭ ᠢ ᠡᠵᠡᠮᠰᠢᠭ᠍ᠴᠢ ᠂ ᠮᠣᠩᠭᠣᠯ ᠦᠨᠳᠦᠰᠦᠲᠡᠨ ᠤ ᠢᠷᠦᠭᠡᠯᠴᠢ ᠂ ᠮᠠᠭᠲᠠᠭᠠᠯᠴᠢᠳ ᠢ ᠣᠯᠠᠨ ᠤᠯᠤᠰ ᠤᠨ ᠬᠡᠮᠵᠢᠶᠡᠨ ᠳᠤ ᠠᠯᠳᠠᠷᠰᠢᠭᠤᠯᠤᠨ ᠰᠤᠷᠲᠠᠯᠴᠢᠯᠠᠬᠤ ᠂ ᠮᠣᠩᠭᠣᠯ ᠲᠥᠷᠦ ᠶᠢᠨ ᠭᠤᠯᠦᠮᠳᠠ ᠂ ᠦᠡᠳᠦᠷ ᠭᠡᠭᠡᠨᠲᠡᠨ ᠤ ᠥᠯᠥᠭᠡᠶ ᠨᠤᠲᠤᠭ ᠤᠨ ᠠᠭᠤᠯᠠ ᠤᠰᠤ ᠂ ᠲᠡᠭ᠍ᠷᠢ ᠭᠠᠵᠠᠷ ᠲᠤ ᠦᠭᠡᠨ ᠮᠢᠯᠢᠶᠠᠯᠭ᠎ᠠ ᠡᠷᠭᠦᠵᠦ ᠂ ᠮᠣᠩᠭᠣᠯ ᠠᠮᠠᠨ ᠪᠢᠯᠢᠭ ᠂ ᠴᠡᠴᠡ ᠣᠶᠤᠨ ᠢᠶᠠᠷ ᠠᠰᠢᠳᠠ ᠶᠢᠨ ᠰᠠᠢᠬᠠᠨ ᠢ ᠪᠡᠯᠭᠡᠳᠡᠵᠦ ᠂ ᠲᠦᠮᠡᠨ ᠣᠯᠠᠨ ᠢ ᠪᠠᠶᠠᠰᠤᠭᠤᠯᠤᠨ ᠴᠡᠩᠭᠡᠭᠦᠯᠬᠦ ᠵᠣᠷᠢᠯᠭ᠎ᠠ ᠲᠠᠢ ᠪᠢᠯᠡ ᠬᠡᠮᠡᠪᠡ᠃