ᠶᠡᠷᠦᠩᠬᠡᠶ ᠰᠠᠢᠳ ᠪᠠᠢᠭᠰᠠᠨ ᠯ· ᠤᠶᠤᠡᠡᠷᠳᠡᠨᠢ ᠶᠢᠨ ᠬᠦᠦ ᠣ·ᠲᠡᠮᠡᠤᠯᠤᠨ ᠤ ᠨᠠᠢᠵᠠ ᠦᠬᠢᠨ ᠥ· ᠥᠭ᠍ᠭᠢᠶᠡᠮᠦᠷ ᠲᠥᠷᠦᠭ᠍ᠰᠡᠨ ᠡᠳᠦᠷ ᠦᠨ ᠢᠶᠡᠨ ᠦᠨ᠎ᠡ ᠲᠠᠢ ᠪᠡᠯᠡᠭ ᠢ ᠴᠠᠬᠢᠮ ᠰᠦᠯᠵᠢᠶᠡᠨ ᠳᠡᠬᠡᠨ ᠪᠠᠢᠷᠢᠰᠢᠭᠤᠯᠤᠭᠰᠠᠨ ᠨᠢ ᠣᠯᠠᠨ ᠤ ᠠᠩᠬᠠᠷᠤᠯ ᠢ ᠲᠠᠲᠠᠵᠤ᠂ ᠰᠢᠭᠦᠮᠵᠢᠯᠡᠯ ᠳᠠᠭᠠᠭᠤᠯᠤᠭᠠᠳ ᠪᠠᠢᠭᠰᠠᠨ᠃ ᠤᠴᠢᠷ ᠨᠢ 20 ᠭᠠᠷᠤᠢᠬᠠᠨ ᠨᠠᠰᠤᠨ ᠤ ᠵᠠᠯᠠᠭᠤ ᠶᠡᠮᠡᠷ ᠣᠷᠣᠯᠭ᠎ᠠ ᠪᠠᠷ ᠢᠶᠠᠨ ᠨᠠᠢᠵᠠ ᠥᠬᠢᠨ ᠳᠤ ᠪᠠᠨ ᠣᠯᠠᠨ ᠰᠠᠶ᠎ᠠ ᠲᠥᠭᠥᠷᠢᠭ ᠦᠨ ᠦᠨ᠎ᠡ ᠲᠠᠢ ᠪᠡᠯᠡᠭ ᠥᠭ᠍ᠪᠡ ᠭᠡᠳᠡᠭ ᠨᠢ ᠣᠯᠠᠨ ᠤ ᠡᠭ᠍ᠳᠡᠭᠦᠴᠡᠯ ᠢ ᠲᠥᠷᠥᠭᠦᠯᠦᠭ᠍ᠰᠡᠨ᠃
ᠤᠯᠠᠮ ᠢᠶᠠᠷ ᠡᠳ᠋ ᠦᠨ ᠵᠠᠰᠠᠭ᠌ᠴᠢ ᠴ· ᠯᠤᠲᠤᠸᠴᠢᠷ ᠲᠡᠷᠡ ᠦᠶ᠎ᠡ ᠶᠢᠨ ᠶᠡᠷᠦᠩᠬᠡᠶ ᠰᠠᠢᠳ ᠯ· ᠤᠶᠤᠡᠡᠷᠳᠡᠨᠢ ᠶᠢ ᠬᠦᠦ ᠲᠠᠢ ᠨᠢ ᠬᠠᠮᠲᠤ ᠰᠢᠯᠭᠠᠭᠤᠯᠬᠤ ᠪᠡᠷ ᠠᠪᠯᠢᠭ᠎ᠠ ᠲᠠᠢ ᠲᠡᠮᠡᠴᠡᠬᠦ ᠭᠠᠵᠠᠷ ᠲᠤ ᠬᠠᠨᠳᠤᠭᠰᠠᠨ᠃ ᠲᠡᠭᠡᠪᠡᠯ ᠲᠡᠭᠦᠨ ᠤ ᠭᠣᠮᠣᠳᠠᠯ ᠤᠨ ᠬᠠᠷᠢᠭᠤ ᠶᠢ ᠠᠪᠯᠢᠭ᠎ᠠ ᠲᠠᠢ ᠲᠡᠮᠡᠴᠡᠬᠦ ᠭᠠᠵᠠᠷ ᠠᠴᠠ ᠢᠷᠡᠭᠦᠯᠵᠡᠢ᠃
ᠤᠭ ᠪᠢᠴᠢᠭ ᠲᠦ᠄《ᠾᠸᠷᠤ᠋ ᠢᠨᠲ᠋ᠧᠷᠲ᠋ᠠᠢᠮᠸᠨᠲ》ᠭᠷᠦ᠋ᠫ ᠤᠨ ᠭᠦᠢᠴᠡᠳᠬᠡᠬᠦ ᠵᠠᠬᠢᠷᠤᠯ ᠣ· ᠪᠠᠭᠠᠲᠤᠷ ᠨᠢ ᠲᠤᠰ ᠺᠣᠮᠫᠠᠨᠢ ᠶᠢᠨ ᠣᠷᠣᠯᠭ᠎ᠠ ᠠᠴᠠ ᠢᠷᠭᠡᠠ ᠣ· ᠲᠡᠮᠡᠦᠯᠦᠨ ᠳᠤ 2025 ᠣᠨ ᠤ ᠨᠢᠭᠡᠳᠦᠭᠡᠷ ᠰᠠᠷ᠎ᠠ ᠶᠢᠨ 12 ᠣ ᠡᠳᠦᠷ 150 ᠰᠠᠶ᠎ᠠ ᠲᠥᠭᠥᠷᠢᠭ᠂ ᠭᠤᠷᠪᠠᠳᠤᠭᠠᠷ ᠰᠠᠷ᠎ᠠ ᠶᠢᠨ 16 ᠣ ᠡᠳᠦᠷ 80 ᠰᠠᠶ᠎ᠠ ᠲᠥᠭᠥᠷᠢᠭ᠂ ᠳᠥᠷᠪᠡᠳᠦᠭᠡᠷ ᠰᠠᠷ᠎ᠠ ᠶᠢᠨ 5 ᠣ ᠡᠳᠦᠷ 70 ᠰᠠᠶ᠎ᠠ ᠲᠥᠭᠥᠷᠢᠭ ᠪᠤᠶᠤ ᠨᠡᠢᠲᠡ 300 ᠰᠠᠶ᠎ᠠ ᠲᠥᠭᠥᠷᠢᠭ ᠢ ᠥᠭ᠍ᠭᠦᠭ᠍ᠰᠡᠨ ᠪᠣᠯᠬᠤ ᠨᠢ ᠰᠠᠩᠬᠦᠦ ᠶᠢᠨ ᠪᠠᠷᠢᠮᠲᠠ ᠨᠤᠭᠤᠳ᠂ ᠬᠤᠯᠪᠦᠬᠳᠡᠬᠤ ᠡᠲᠡᠭᠡᠳ ᠤᠳ ᠦᠨ ᠲᠠᠢᠯᠪᠤᠷᠢ ᠪᠠᠷ ᠨᠣᠲᠠᠯᠠᠭᠳᠠᠭᠰᠠᠨ᠃
ᠢᠷᠭᠡᠠ ᠣ· ᠲᠡᠮᠡᠦᠯᠦᠨ ᠨᠢ《ᠨᠠᠢᠵᠠ ᠦᠬᠢᠨ ᠤ ᠬᠠᠮᠲᠤ ᠨᠢᠰᠳᠡᠭ ᠲᠡᠷᠭᠡ ᠪᠡᠷ ᠵᠣᠷᠴᠢᠭ᠌ᠰᠠᠨ》ᠭᠡᠬᠦ ᠠᠰᠠᠭᠤᠳᠠᠯ ᠢ ᠰᠢᠯᠭᠠᠬᠤ ᠳᠤ 《 ᠾᠸᠷᠤ᠋ ᠢᠨᠲ᠋ᠧᠷᠲ᠋ᠠᠢᠮᠸᠨᠲ 》ᠭᠷᠦ᠋ᠫ ᠨᠢ ᠤᠷᠠᠨ ᠰᠠᠢᠬᠠᠨ ᠤ ᠣᠯᠠᠨ ᠠᠩᠭᠢᠲᠤ ᠺᠢᠨᠣ᠋ ᠶᠢᠨ ᠯᠤᠵᠢᠰᠲ᠋ᠢᠺ᠂ ᠵᠢᠷᠤᠭ ᠠᠪᠤᠯᠲᠠ ᠶᠢᠨ ᠤᠪᠢᠶᠧᠺᠲ ᠢ ᠰᠤᠳᠤᠯᠬᠤ ᠠᠵᠢᠯ ᠤᠨ ᠬᠦᠷᠢᠶᠡᠨ ᠳᠤ ᠪᠤᠯᠠᠭᠠᠨ ᠠᠢᠮᠠᠭ ᠲᠤ ᠠᠵᠢᠯᠯᠠᠬᠤ ᠪᠡᠷ《ᠠᠯᠢᠹᠠ ᠠᠪᠷᠤᠷᠠ ᠡᠸᠢᠱᠢᠨ》ᠺᠣᠮᠫᠠᠨᠢ ᠲᠠᠢ 2025 ᠣᠨ ᠤ ᠳᠥᠷᠪᠡᠳᠦᠭᠡᠷ ᠰᠠᠷ᠎ᠠ ᠶᠢᠨ 21 ᠤ ᠡᠳᠦᠷ ᠪᠠᠢᠭᠤᠯᠤᠭᠰᠠᠨ《ᠵᠠᠬᠢᠶᠠᠯᠠᠭᠠᠲᠤ ᠨᠢᠰᠦᠯᠭᠡ ᠶᠢᠨ ᠭᠡᠷ᠎ᠡ 》 ᠶᠢᠨ ᠳᠠᠭᠠᠤ ᠤᠯᠠᠭᠠᠨᠪᠠᠭᠠᠲᠤᠷ ᠬᠣᠲᠠ ᠠᠴᠠ ᠨᠢᠰᠦᠯᠭᠡ ᠦᠢᠯᠡᠳᠦᠭ᠍ᠳᠡᠭ᠍ᠰᠡᠨ ᠪᠥᠭᠡᠳ ᠤᠭ ᠨᠢᠰᠦᠯᠭᠡ ᠶᠢᠨ ᠪᠠᠭ ᠲᠤ ᠢᠷᠭᠡᠠ ᠣ· ᠲᠡᠮᠡᠦᠯᠦᠨ᠂ ᠥ· ᠥᠭ᠍ᠭᠢᠶᠡᠮᠦᠷ ᠨᠠᠷ ᠬᠠᠮᠲᠤ ᠵᠣᠷᠴᠢᠭ᠌ᠰᠠᠨ ᠨᠥᠬᠦᠴᠡᠯ ᠪᠠᠢᠳᠠᠯ ᠲᠣᠭᠲᠠᠭᠠᠭᠳᠠᠭᠰᠠᠨ ᠭᠡᠵᠡᠢ ᠃