ᠬᠠᠤᠯᠢ ᠪᠤᠰᠤ ᠠᠩ ᠬᠢᠭ᠍ᠰᠡᠨ 168 ᠵᠥᠷᠢᠴᠡᠯ ᠢ ᠢᠯᠡᠷᠡᠭᠦᠯᠵᠡᠢ | News.MN

ᠬᠠᠤᠯᠢ ᠪᠤᠰᠤ ᠠᠩ ᠬᠢᠭ᠍ᠰᠡᠨ 168 ᠵᠥᠷᠢᠴᠡᠯ ᠢ ᠢᠯᠡᠷᠡᠭᠦᠯᠵᠡᠢ

ᠪᠠᠢᠭᠠᠯᠢ ᠣᠷᠴᠢᠨ ᠤ ᠰᠠᠯᠪᠤᠷᠢ ᠶᠢᠨ ᠤᠯᠤᠰ ᠤᠨ ᠶᠡᠷᠦᠩᠬᠡᠶ ᠪᠠᠢᠢᠴᠠᠭᠠᠭ᠌ᠴᠢ ᠶᠢᠨ ᠪᠠᠲᠤᠯᠠᠭᠰᠠᠨ 01 / 05 ᠳ᠋ᠤᠭᠠᠷ ᠲᠠᠢ ᠤᠳᠤᠷᠢᠳᠤᠮᠵᠢ ᠶᠢᠨ ᠳᠠᠭᠠᠤ ᠤᠯᠤᠰ ᠤᠨ ᠬᠡᠮᠵᠢᠶᠡᠨ ᠳᠤ 《 ᠠᠮᠢᠲᠠᠨ ᠤ ᠲᠤᠬᠠᠶ》 ᠬᠠᠤᠯᠢ ᠶᠢᠨ ᠬᠡᠷᠡᠭ᠍ᠵᠢᠯᠲᠡ ᠶᠢᠨ ᠪᠠᠢᠳᠠᠯ ᠳᠤ ᠬᠢᠨᠠᠯᠲᠠ ᠰᠢᠯᠭᠠᠯᠲᠠ ᠶᠢ ᠵᠣᠬᠢᠶᠠᠨ ᠪᠠᠢᠭᠤᠯᠵᠤ ᠡᠬᠢᠯᠡᠭ᠍ᠰᠡᠨ ᠢ ᠪᠠᠢᠭᠠᠯᠢ ᠣᠷᠴᠢᠨ ᠂ ᠠᠭᠤᠷ ᠠᠮᠢᠰᠬᠤᠯ ᠤᠨ ᠥᠭᠡᠷᠡᠴᠢᠯᠡᠯᠲᠡ ᠶᠢᠨ ᠶᠠᠮᠤᠨ ᠠᠴᠠ ᠮᠡᠳᠡᠭᠡᠯᠡᠪᠡ ᠃

2025 ᠣᠨ ᠤ ᠡᠬᠢᠨ ᠤ ᠵᠢᠷᠭᠤᠭᠠᠨ ᠰᠠᠷ᠎ᠠ ᠶᠢᠨ ᠪᠠᠢᠳᠠᠯ ᠢᠶᠠᠷ 22 ᠵᠦᠢᠯ ᠤᠨ 755 ᠠᠮᠢᠲᠠᠨ ᠢ ᠬᠠᠤᠯᠢ ᠪᠤᠰᠤ ᠪᠡᠷ ᠵᠥᠪᠰᠢᠶᠡᠷᠡᠯ ᠦᠭᠡᠢ ᠪᠡᠷ ᠠᠩᠨᠠᠭᠰᠠᠨ ᠂ ᠪᠠᠷᠢᠭ᠌ᠰᠠᠨ ᠂ ᠲᠡᠳᠡᠭᠡᠷ ᠤᠨ ᠭᠠᠷᠤᠯ ᠲᠠᠢ ᠡᠳ᠋ ᠡᠷᠬᠡᠲᠡᠨ ᠢ ᠭᠠᠷᠤᠯ ᠡᠭᠦᠰᠦᠯ ᠦᠨ ᠲᠣᠳᠣᠷᠬᠠᠢᠢᠯᠠᠯᠲᠠ ᠦᠭᠡᠢ ᠬᠤᠳᠠᠯᠳᠤᠭᠰᠠᠨ ᠂ ᠬᠤᠳᠠᠯᠳᠤᠨ ᠠᠪᠤᠭᠰᠠᠨ ᠂ ᠲᠡᠭᠡᠭᠡᠪᠦᠷᠢᠯᠡᠭ᠍ᠰᠡᠨ 168 ᠤᠳᠠᠭ᠎ᠠ ᠶᠢᠨ ᠵᠥᠷᠢᠴᠡᠯ ᠢᠯᠡᠷᠡᠭᠦᠯᠵᠦ ᠂ ᠬᠠᠤᠯᠢ ᠶᠢᠨ ᠬᠠᠷᠢᠭᠤᠴᠠᠯᠭ᠎ᠠ ᠬᠦᠯᠢᠶᠡᠯᠭᠡᠨ ᠂ ᠪᠠᠢᠭᠠᠯᠢ ᠶᠢᠨ ᠨᠥᠭᠡᠴᠡ ᠳᠤ ᠤᠴᠠᠷᠠᠭᠤᠯᠤᠭᠰᠠᠨ ᠬᠣᠬᠢᠷᠠᠯ ᠳᠤ ᠨᠥᠬᠦᠨ ᠲᠥᠯᠥᠪᠦᠷᠢ ᠣᠨᠣᠭᠳᠠᠭᠤᠯᠤᠭᠰᠠᠨ ᠪᠡᠢᠨ᠎ᠡ ᠃

ᠰᠡᠳᠬᠢᠭᠳᠡᠯ ᠦᠯᠡᠳᠡᠭᠡᠬᠦ