ᠲᠦᠷᠺ ᠦᠨ ᠬᠠᠮᠲᠤ ᠶ᠋ᠢᠨ ᠠᠵᠢᠯᠯᠠᠭ᠎ᠠ ᠂ ᠵᠤᠬᠢᠴᠠᠭᠤᠯᠬᠤ ᠠᠭᠧᠨ᠋ᠲᠯᠢᠭ᠋ ᠭᠣᠪᠢ ᠠᠯᠲᠠᠢ ᠠᠢᠮᠠᠭ ᠲᠤ ᠦᠢᠯᠡ ᠠᠵᠢᠯᠯᠠᠭ᠎ᠠ ᠶᠠᠪᠤᠭᠤᠯᠳᠠᠭ ᠠᠯᠲᠠᠢ ᠶᠢᠨ ᠡᠮᠡᠭ᠍ᠲᠡᠢᠴᠦᠳ ᠤᠨ ᠬᠣᠷᠰᠢᠶᠠᠨ ᠳᠤ ᠠᠵᠤ ᠦᠢᠯᠡᠳᠪᠦᠷᠢ ᠶᠢᠨ ᠵᠣᠷᠢᠭᠤᠯᠤᠯᠲᠠ ᠲᠠᠢ ᠲᠣᠨᠣᠭ ᠲᠥᠬᠥᠭᠡᠷᠦᠮᠵᠢ ᠥᠭ᠍ᠭᠦᠯ᠎ᠡ᠃
2014 ᠣᠨ ᠳᠤ ᠠᠵᠢᠯ ᠦᠭᠡᠢ ᠂ ᠡᠷᠦᠬᠡ ᠲᠣᠯᠤᠭᠠᠢᠢᠯᠠᠭᠰᠠᠨ ᠂ ᠬᠥᠭ᠍ᠵᠢᠯ ᠤᠨ ᠪᠡᠷᠬᠡᠰᠢᠶᠡᠯ ᠲᠡᠢ ᠬᠡᠦᠬᠡᠳ ᠢᠶᠡᠨ ᠠᠰᠠᠷᠠᠳᠠᠭ ᠶᠢᠰᠤᠨ ᠡᠮᠡᠭ᠍ᠳᠡᠢ ᠨᠡᠢᠯᠡᠵᠦ ᠠᠯᠲᠠᠢ ᠶᠢᠨ ᠡᠮᠡᠭ᠍ᠲᠡᠢᠴᠦᠳ ᠤᠨ ᠬᠣᠷᠰᠢᠶ᠎ᠠ ᠶᠢ ᠪᠠᠢᠭᠤᠯᠵᠠᠢ ᠃ ᠲᠡᠳᠡ ᠬᠣᠨᠢᠨ ᠤ ᠨᠣᠣᠰᠣ ᠪᠡᠷ ᠭᠠᠷ ᠤᠷᠠᠯᠠᠯ ᠂ ᠪᠡᠯᠡᠭ ᠳᠤᠷᠠᠰᠬᠠᠯ ᠂ ᠡᠪᠦᠯ ᠤᠨ ᠬᠤᠪᠴᠠᠰᠤ ᠂ ᠭᠤᠲᠤᠯ ᠦᠢᠯᠡᠳᠪᠦᠷᠢᠯᠡᠳᠡᠭ ᠪᠣᠯᠪᠠᠴᠤ ᠪᠦᠬᠦᠯᠢ ᠳᠡᠬᠡᠨ ᠭᠠᠷ ᠠᠷᠭ᠎ᠠ ᠳᠡᠭᠡᠷ᠎ᠡ ᠰᠠᠭᠤᠷᠢᠯᠠᠭᠰᠠᠨ ᠦᠢᠯᠡᠳᠪᠦᠷᠢᠯᠡᠯ ᠤᠳᠠᠭᠠᠨ ᠂ ᠵᠠᠷᠤᠳᠠᠯ ᠶᠡᠬᠡᠲᠡᠢ ᠶᠢᠨ ᠤᠯᠠᠮ ᠠᠴᠠ ᠪᠦᠲᠦᠭᠡᠮᠵᠢ ᠶᠢ ᠬᠢᠵᠠᠭᠠᠷᠯᠠᠵᠤ ᠪᠠᠢᠪᠠ ᠃
ᠲᠦᠷᠺ ᠦᠨ ᠬᠠᠮᠲᠤ ᠶ᠋ᠢᠨ ᠠᠵᠢᠯᠯᠠᠭ᠎ᠠ ᠂ ᠵᠤᠬᠢᠴᠠᠭᠤᠯᠬᠤ ᠠᠭᠧᠨ᠋ᠲᠯᠢᠭ᠋ ᠤᠨ ᠨᠡᠢᠢᠯᠡᠭᠦᠯᠦᠭ᠍ᠰᠡᠨ ᠣᠶᠣᠳᠠᠯ ᠤᠨ ᠮᠠᠰᠢᠨ᠂ ᠡᠰᠬᠡᠭᠦᠷ ᠦᠨ ᠮᠠᠰᠢᠨ᠂ ᠬᠠᠯᠠᠭᠤᠨ ᠫᠷᠧᠰᠰ ᠂ ᠰᠦᠯᠵᠢᠮᠡᠯ ᠦᠨ ᠮᠠᠰᠢᠨ᠂ ᠢᠰᠡᠭᠡᠢᠯᠡᠭ᠍ᠴᠢ ᠮᠠᠰᠢᠨ ᠨᠤᠭᠤᠳ ᠢ ᠠᠰᠢᠭ᠌ᠯᠠᠨ ᠦᠢᠯᠡᠳᠪᠦᠷᠢᠯᠡᠯ ᠤᠨ ᠦᠢᠯᠡ ᠶᠠᠪᠤᠴᠠ ᠬᠤᠷᠳᠤᠰᠴᠤ᠂ ᠪᠦᠲᠦᠭᠡᠮᠵᠢ ᠡᠷᠡᠰ ᠨᠡᠮᠡᠭ᠍ᠳᠡᠭ᠍ᠰᠡᠨ᠃ ᠲᠤᠬᠠᠢᠯᠠᠪᠠᠯ ᠂ ᠡᠮᠦᠨ᠎ᠡ ᠨᠢ ᠡᠳᠦᠷ ᠲᠤ ᠨᠢᠭᠡ ᠬᠣᠣᠰ ᠢᠰᠡᠭᠡᠶ ᠭᠤᠲᠤᠯ ᠦᠢᠯᠡᠳᠪᠦᠷᠢᠯᠡᠳᠡᠭ ᠪᠠᠢᠭᠰᠠᠨ ᠪᠣᠯ ᠣᠳᠤ ᠬᠣᠶᠠᠷ ᠴᠠᠭ ᠤᠨ ᠳᠣᠲᠣᠷ᠎ᠠ ᠳᠥᠷᠪᠡᠨ ᠬᠣᠣᠰ ᠢᠰᠡᠭᠡᠶ ᠭᠤᠲᠤᠯ ᠦᠢᠯᠡᠳᠪᠦᠷᠢᠯᠡᠳᠡᠭ ᠪᠣᠯᠵᠠᠢ ᠃ 66 ᠭᠡᠰᠢᠭᠦᠨ ᠲᠠᠢ ᠪᠣᠯᠣᠭᠰᠠᠨ ᠲᠤᠰ ᠬᠣᠷᠰᠢᠶ᠎ᠠ ᠨᠣᠣᠰᠣᠨ ᠡᠴᠡ ᠭᠠᠳᠡᠨ᠎ᠡ ᠠᠷᠠᠰᠤ ᠰᠢᠷᠢ ᠂ ᠳᠠᠪᠤᠤ ᠪᠤᠰᠤᠳ ᠮᠠᠲ᠋ᠧᠷᠢᠶᠠᠯ ᠢᠶᠠᠷ ᠪᠡᠭᠡᠯᠡᠢ ᠂ ᠣᠢᠮᠤᠰᠤ ᠭᠡᠬᠦ ᠮᠡᠲᠦ ᠰᠢᠨ᠎ᠡ ᠪᠦᠲᠦᠭᠡᠭ᠍ᠳᠡᠬᠦᠨ ᠦᠢᠯᠡᠳᠪᠦᠷᠢᠯᠡᠵᠦ ᠡᠬᠢᠯᠡᠵᠡᠢ ᠃