ᠶᠡᠷᠦᠩᠬᠡᠶ ᠰᠠᠢᠳ ᠽᠠᠨᠳᠠᠨᠰᠢᠲᠠᠷ᠎ᠠ ᠵᠠᠬᠢᠷᠤᠮᠵᠢ ᠭᠠᠷᠭᠠᠨ《ᠡᠺᠰᠫᠣᠷᠲ ᠢ ᠨᠡᠮᠡᠭ᠍ᠳᠡᠭᠦᠯᠵᠦ ᠂ ᠬᠤᠳᠠᠯᠳᠤᠭ᠎ᠠ ᠶᠢ ᠳᠡᠮᠵᠢᠬᠦ》 ᠠᠵᠢᠯ ᠤᠨ ᠬᠡᠰᠡᠭ ᠪᠠᠢᠭᠤᠯᠤᠭᠰᠠᠨ ᠃ ᠠᠵᠢᠯ ᠤᠨ ᠬᠡᠰᠡᠭ ᠦᠨ ᠠᠩᠬᠠᠨ ᠤ ᠬᠤᠷᠠᠯ ᠡᠳ᠋ ᠦᠨ ᠵᠠᠰᠠᠭ ᠤᠨ ᠬᠥᠭ᠍ᠵᠢᠯ ᠤᠨ ᠶᠠᠮᠤᠨ ᠳᠤ ᠪᠣᠯᠣᠯ᠎ᠠ ᠃ ᠠᠵᠢᠯ ᠤᠨ ᠬᠡᠰᠡᠭ ᠢ ᠲᠡᠷᠢᠬᠦᠠ ᠰᠢᠳᠠᠷ ᠰᠠᠢᠳ ᠪᠥᠭᠡᠳ ᠡᠳ᠋ ᠦᠨ ᠵᠠᠰᠠᠭ ᠂ ᠬᠥᠭ᠍ᠵᠢᠯ ᠤᠨ ᠰᠠᠢᠳ ᠨ· ᠤᠴᠠᠷᠠᠯ ᠠᠬᠠᠯᠠᠵᠤ ᠪᠡᠢᠢᠨ᠎ᠡ ᠃ ᠲᠡᠷᠡ ᠪᠡᠷ ᠡᠺᠰᠫᠣᠷᠲ ᠢ ᠭᠣᠣᠯᠯᠠᠨ ᠪᠦᠷᠢᠳᠦᠭᠦᠯᠦᠭ᠍ᠴᠢ ᠠᠭᠤᠯᠠ ᠠᠭᠤᠷᠬᠠᠢ ᠶᠢᠨ ᠭᠠᠷᠤᠯᠲᠠᠢ ᠪᠦᠲᠦᠭᠡᠭ᠍ᠳᠡᠬᠦᠨ ᠤ ᠤᠷᠤᠰᠬᠠᠯ ᠢ ᠨᠡᠮᠡᠭ᠍ᠳᠡᠭᠦᠯᠬᠦ ᠪᠡᠷ ᠲᠡᠷᠡᠭᠠᠬᠢ ᠡᠭᠦᠷᠭᠡ ᠶᠢ ᠬᠤᠯᠪᠦᠬᠳᠡᠬᠤ ᠪᠠᠢᠭᠤᠯᠤᠯᠭ᠎ᠠ ᠨᠤᠭᠤᠳ ᠲᠤ ᠥᠭ᠍ᠭᠦᠯ᠎ᠡ ᠃ ᠡᠭᠦᠨ ᠳᠤ ᠄
ᠭᠠᠢᠯᠢ ᠶᠢᠨ ᠪᠠᠲᠤᠯᠠᠭᠠᠲᠤ ᠠᠭᠤᠯᠬᠤ ᠶᠢᠨ ᠵᠥᠪᠰᠢᠶᠡᠷᠡᠯ ᠠᠪᠬᠤ ᠳᠤ 15 ᠠᠯᠪᠠᠨ ᠲᠤᠰᠢᠶᠠᠯᠲᠠᠨ ᠢᠶᠠᠷ ᠳᠠᠮᠵᠢᠳᠠᠭ ᠂ ᠵᠠᠷᠢᠮ ᠲᠣᠬᠢᠶᠠᠯᠳᠤᠯ ᠳᠤ 1035 ᠬᠣᠨᠤᠭ ᠬᠦᠯᠢᠶᠡᠭ᠍ᠰᠡᠨ ᠵᠢᠱᠢᠶ᠎ᠡ ᠶᠢ ᠳᠤᠷᠠᠳᠤᠭᠠᠳ ᠭᠠᠢᠯᠢ ᠶᠢᠨ ᠪᠠᠢᠭᠤᠯᠤᠯᠭ᠎ᠠ ᠶᠢᠨ ᠱᠠᠲᠤ ᠳᠠᠮᠵᠢᠯᠭ᠎ᠠ ᠶᠢ ᠴᠥᠭᠡᠷᠡᠭᠦᠯᠬᠦ᠂ ᠬᠤᠯᠪᠦᠬᠳᠡᠬᠤ ᠪᠠᠢᠭᠤᠯᠤᠯᠭ᠎ᠠ ᠨᠤᠭᠤᠳ ᠦᠨ ᠨᠡᠢᠲᠡᠯᠢᠭ ᠵᠢᠷᠤᠮ ᠢ ᠰᠢᠨᠡᠴᠢᠯᠡᠬᠦ᠂ ᠬᠢᠯᠢ ᠪᠡᠷ ᠨᠡᠪᠳᠡᠷᠡᠬᠦ ᠲᠡᠭᠡᠭᠡᠪᠦᠷᠢ ᠶᠢᠨ ᠭᠡᠷᠡᠭ᠍ᠰᠡᠯ ᠡᠷᠡᠰᠳᠡᠯ ᠦᠨ ᠣᠨᠤᠭ᠎ᠠ ᠪᠠᠭ᠎ᠠ ᠪᠣᠯ ᠤᠬᠠᠭᠠᠯᠢᠭ ᠭᠠᠷᠴᠠ ᠪᠡᠷ ᠰᠠᠭᠠᠳ ᠦᠭᠡᠶ ᠨᠡᠪᠲᠡᠷᠡᠭᠦᠯᠬᠦ ᠠᠵᠢᠯ ᠢ ᠵᠣᠬᠢᠶᠠᠨ ᠪᠡᠢᠭᠤᠯᠬᠤ᠂ ᠪᠦᠬᠦ ᠨᠡᠢᠲᠡ ᠶᠢᠨ ᠠᠮᠠᠷᠠᠯᠲᠠ ᠶᠢᠨ ᠡᠳᠦᠷ ᠦᠳ ᠢᠶᠡᠷ ᠬᠢᠯᠢ ᠶᠢᠨ ᠪᠣᠭᠣᠮᠲᠠ ᠨᠤᠭᠤᠳ ᠢ ᠪᠦᠷᠢᠠ ᠬᠦᠴᠦᠨ ᠴᠢᠳᠠᠯ ᠢᠶᠠᠷ ᠠᠵᠢᠯᠯᠠᠭᠤᠯᠬᠤ ᠨᠥᠬᠦᠴᠡᠯ ᠪᠦᠷᠢᠳᠦᠭᠦᠯᠬᠦ ᠵᠡᠷᠭᠡ ᠠᠵᠢᠯ ᠤᠳ ᠢ ᠶᠢᠰᠦᠳᠦᠭᠡᠷ ᠰᠠᠷ᠎ᠠ ᠶᠢᠨ 30 ᠣ ᠳᠣᠲᠣᠷ᠎ᠠ ᠪᠠᠭᠲᠠᠭᠠᠨ ᠰᠢᠢᠳᠪᠦᠷᠢᠯᠡᠬᠦ ᠃
ᠣᠳᠣ ᠶᠢᠨ ᠨᠥᠬᠦᠴᠡᠯ ᠪᠠᠢᠳᠠᠯ ᠤᠨ ᠦᠨᠡᠯᠡᠭᠡ ᠪᠡᠷ ᠬᠢᠯᠢ ᠶᠢᠨ ᠪᠣᠭᠣᠮᠲᠠ ᠨᠤᠭᠤᠳ ᠪᠦᠬᠦ ᠨᠡᠢᠲᠡ ᠶᠢᠨ ᠠᠮᠠᠷᠠᠯᠲᠠ ᠶᠢᠨ ᠡᠳᠦᠷ ᠢᠶᠠᠷ ᠠᠮᠠᠷᠠᠬᠤ ᠳᠤ ᠡᠺᠰᠫᠣᠷᠲ ᠤᠨ ᠣᠷᠣᠯᠭ᠎ᠠ ᠵᠢᠯ ᠳᠤ 350-400 ᠰᠠᠶ᠎ᠠ ᠳ᠋ᠣᠯᠯᠠᠷ ᠢᠶᠠᠷ ᠲᠠᠰᠤᠯᠳᠠᠳᠠᠭ ᠠᠵᠠᠢ᠃ ᠤᠴᠢᠷ ᠨᠢ᠂《ᠮᠣᠩᠭᠣᠯ ᠬᠢᠲᠠᠳ ᠤᠨ ᠬᠢᠯᠢ ᠶᠢᠨ ᠪᠣᠭᠤᠮᠲᠠ᠂ ᠲᠡᠳᠡᠭᠡᠷ ᠤᠨ ᠳᠢᠭ᠍ᠯᠢᠮ ᠦᠨ ᠲᠤᠬᠠᠶ》ᠮᠣᠩᠭᠣᠯ ᠤᠯᠤᠰ ᠤᠨ ᠵᠠᠰᠠᠭ ᠤᠨ ᠭᠠᠵᠠᠷ᠂ ᠪᠦᠭᠦᠳᠡ ᠨᠠᠢᠷᠠᠮᠳᠠᠬᠤ ᠬᠢᠲᠠᠳ ᠠᠷᠠᠳ ᠤᠯᠤᠰ ᠤᠨ ᠵᠠᠰᠠᠭ ᠤᠨ ᠭᠠᠵᠠᠷ ᠬᠣᠭᠤᠷᠤᠨᠳᠤ ᠶᠢᠨ ᠬᠡᠯᠡᠯᠴᠡᠭᠡᠷ ᠲᠤ ᠵᠢᠭᠠᠭᠰᠠᠨ ᠢᠶᠠᠷ ᠨᠡᠢᠲᠡ ᠪᠠᠷ ᠠᠮᠡᠷᠡᠬᠤ ᠪᠡᠶᠡᠷ᠂ ᠠᠮᠠᠷᠠᠯᠲᠠ ᠶᠢᠨ ᠡᠳᠦᠷ ᠤᠳ ᠲᠤ ᠬᠢᠯᠢ ᠶᠢᠨ ᠪᠣᠭᠤᠮᠲᠠ ᠬᠠᠭᠠᠳᠠᠭ ᠃