ᠡᠨᠡ ᠣᠨ ᠤ ᠵᠢᠷᠭᠤᠳᠤᠭᠠᠷ ᠰᠠᠷ᠎ᠠ ᠶᠢᠨ ᠪᠠᠢᠳᠠᠯ ᠢᠶᠠᠷ ᠤᠯᠤᠰ ᠤᠨ ᠬᠡᠮᠵᠢᠶᠡᠨ ᠳᠤ ᠢᠨᠹᠯᠶᠠᠼ 8.2 ᠬᠤᠪᠢ ᠲᠠᠶ ᠭᠠᠷᠤᠯ᠎ᠠ᠃ ᠪᠠᠷᠠᠭᠠᠨ ᠤ ᠪᠦᠯᠦᠭ ᠦᠨ ᠦᠨ᠎ᠡ ᠵᠢᠯ ᠦᠨ ᠳᠤᠮᠳᠠᠴᠢ ᠪᠡᠷ 5.4 ᠬᠤᠪᠢ ᠪᠠᠷ ᠥᠰᠦᠭ᠍ᠰᠡᠨ ᠪᠣᠯ ᠦᠢᠯᠡᠴᠢᠯᠡᠭᠡᠨ ᠤ ᠪᠦᠯᠦᠭ ᠦᠨ ᠦᠨ᠎ᠡ 16.9 ᠬᠤᠪᠢ ᠪᠠᠷ ᠥᠰᠦᠭ᠍ᠰᠡᠨ ᠪᠡᠢᠨ᠎ᠡ᠃ ᠬᠡᠷᠡᠭ᠍ᠯᠡᠭᠡᠨ ᠤ ᠪᠠᠷᠠᠭ᠎ᠠ ᠦᠢᠯᠡᠴᠢᠯᠡᠭᠡᠨ ᠤ ᠦᠨ᠎ᠡ ᠡᠨᠡ ᠣᠨ ᠤ ᠵᠢᠷᠭᠤᠳᠤᠭᠠᠷ ᠰᠠᠷ᠎ᠠ ᠶᠢᠨ ᠪᠠᠢᠳᠠᠯ ᠢᠶᠠᠷ 8.2 ᠬᠤᠪᠢ ᠪᠣᠯᠵᠤ ᠥᠰᠬᠦ ᠳᠤ ᠣᠷᠣᠨ ᠰᠠᠭᠤᠴᠠ᠂ ᠤᠰᠤ ᠴᠠᠬᠢᠯᠭᠠᠨ᠂ ᠲᠦᠯᠡᠰᠢ ᠶᠢᠨ ᠦᠨ᠎ᠡ 21 ᠬᠤᠪᠢ ᠪᠠᠷ ᠥᠰᠦᠭ᠍ᠰᠡᠨ ᠪᠤᠯᠦᠠ ᠪᠣᠯᠪᠠᠰᠤᠷᠠᠯ ᠤᠨ ᠦᠢᠯᠡᠴᠢᠯᠡᠭᠡᠨ ᠤ 18,2 ᠬᠤᠪᠢ ᠪᠠᠷ ᠥᠰᠦᠭ᠍ᠰᠡᠨ ᠨᠢ ᠭᠣᠣᠯᠯᠠᠨ ᠨᠥᠯᠥᠭᠡᠯᠡᠵᠡᠢ᠃
ᠮᠥᠨ ᠮᠠᠨ ᠤ ᠤᠯᠤᠰ ᠤᠨ ᠨᠡᠢᠲᠡ ᠵᠠᠷᠤᠯᠭ᠎ᠠ᠂ ᠴᠡᠪᠡᠷ ᠵᠢᠭᠡᠯᠡᠯᠭᠡ ᠶ᠋ᠢᠨ ᠭᠡᠮᠵᠢᠶ᠎ᠠ 14 ᠶᠡᠭᠡ ᠨᠠᠶᠤᠳ ᠲᠥᠭᠥᠷᠢᠭ ᠲᠦ ᠬᠦᠷᠴᠦ᠂ ᠡᠮᠦᠨᠡᠬᠢ ᠣᠨ ᠤ ᠮᠥᠨ ᠦᠶ᠎ᠡ ᠡᠴᠡ 8.2 ᠬᠤᠪᠢ ᠪᠠᠷ ᠨᠡᠮᠡᠭ᠍ᠳᠡᠵᠡᠢ᠃ ᠤᠯᠠᠮ ᠢᠶᠠᠷ ᠲᠥᠰᠥᠪ 752 ᠲᠡᠷᠪᠤᠮ ᠲᠥᠭᠥᠷᠢᠭ ᠦᠨ ᠠᠯᠳᠠᠭᠳᠠᠯ ᠲᠠᠢ ᠭᠠᠷᠴᠠᠢ᠃ ᠲᠥᠰᠦᠪ ᠤᠨ ᠨᠡᠢᠲᠡ ᠵᠠᠷᠤᠯᠭ᠎ᠠ᠂ ᠴᠡᠪᠡᠷ ᠵᠢᠭᠡᠯᠡᠯᠭᠡ ᠶ᠋ᠢᠨ ᠭᠡᠮᠵᠢᠶ᠎ᠠ ᠡᠮᠦᠨᠡᠬᠢ ᠣᠨ ᠤ ᠮᠥᠨ ᠦᠶ᠎ᠡ ᠡᠴᠡ ᠥᠰᠬᠦ ᠳᠤ ᠪᠠᠷᠠᠭ᠎ᠠ ᠦᠢᠯᠡᠴᠢᠯᠡᠭᠡᠨ ᠤ ᠵᠠᠷᠤᠳᠠᠯ 828 ᠲᠡᠷᠪᠤᠮ ᠲᠥᠭᠥᠷᠢᠭ ᠂ ᠤᠷᠤᠰᠬᠠᠯ ᠰᠢᠯᠵᠢᠭᠦᠯᠭᠡ 764 ᠲᠡᠷᠪᠤᠮ ᠲᠥᠭᠥᠷᠢᠭ ᠢᠶᠡᠷ ᠥᠰᠦᠭ᠍ᠰᠡᠨ ᠨᠢ ᠨᠥᠯᠥᠭᠡᠯᠡᠵᠡᠢ ᠃