ᠪ ∙ ᠸᠴᠢᠷᠪᠡᠨᠢ 610 ᠺᠢᠯᠣᠮᠧᠲᠷ ᠢ ᠲᠤᠭᠤᠯᠵᠤ᠂ ᠵᠣᠷᠢᠭ᠌ᠰᠠᠨ ᠭᠠᠵᠠᠷ ᠲᠤ ᠪᠠᠨ ᠬᠦᠷᠴᠡᠢ | News.MN

ᠪ ∙ ᠸᠴᠢᠷᠪᠡᠨᠢ 610 ᠺᠢᠯᠣᠮᠧᠲᠷ ᠢ ᠲᠤᠭᠤᠯᠵᠤ᠂ ᠵᠣᠷᠢᠭ᠌ᠰᠠᠨ ᠭᠠᠵᠠᠷ ᠲᠤ ᠪᠠᠨ ᠬᠦᠷᠴᠡᠢ

ᠬᠥᠯ ᠪᠥᠮᠪᠥᠭᠡ ᠶᠢᠨ ᠰᠫᠣᠷᠲ  ᠲᠤ ᠳᠤᠷᠠᠲᠠᠶ ᠂ ᠰᠫᠣᠷᠲ ᠤᠨ ᠳᠡᠳ᠋ ᠮᠠᠰᠲ᠋ᠧᠷ ᠴᠣᠯᠠ ᠲᠠᠢ 27 ᠨᠠᠰᠤᠲᠠᠢ ᠪ ∙ ᠸᠴᠢᠷᠪᠡᠨᠢ ᠭᠡᠬᠦ ᠵᠠᠯᠠᠭᠤ ᠥᠪᠡᠷ ᠤᠨ ᠮᠥᠷᠥᠭᠡᠳᠦᠯ ᠢᠶᠡᠨ ᠪᠡᠶᠡᠯᠡᠭᠦᠯᠵᠦ ᠂ ᠰᠢᠲᠦᠨ ᠪᠢᠰᠢᠷᠡᠳᠡᠭ 《  ᠮᠠᠨᠴᠧᠰᠲ᠌ᠷ  ᠶᠤᠨᠠᠢᠲ᠋ᠧᠳ᠋ 》 ᠪᠠᠭ ᠤᠨ ᠢᠶᠠᠨ ᠲᠣᠭᠯᠠᠯᠲᠠ ᠶᠢ ᠦᠵᠡᠬᠦ ᠪᠡᠷ ᠮᠣᠩᠭᠣᠯ ᠠᠴᠠ ᠠᠩᠭ᠍ᠯᠢ ᠬᠦᠷᠲᠡᠯᠡᠬᠢ 12 ᠮᠢᠩᠭᠠᠨ ᠺᠢᠯᠣᠮᠧᠲᠷ ᠵᠠᠮ ᠢ ᠳᠤᠭᠤᠢ ᠪᠠᠷ ᠲᠤᠭᠤᠯᠤᠭᠰᠠᠨ ᠪᠠᠢᠳᠠᠭ ᠃ ᠲᠡᠭᠦᠨ ᠢ ᠡᠨᠡ ᠳᠤᠭᠤᠢ ᠶᠢᠨ ᠠᠶᠠᠯᠠᠯ ᠢᠶᠠᠷ ᠬᠡᠨ ᠪᠦᠬᠦᠨ ᠮᠡᠳᠡᠬᠦ ᠪᠣᠯᠣᠭᠰᠠᠨ ᠪᠢᠯᠡ ᠃

ᠲᠡᠭᠡᠪᠡᠯ  ᠲᠡᠷᠡ 07 ᠰᠠᠷ᠎ᠠ ᠶᠢᠨ 21  ᠳᠦ ᠪᠦᠬᠦᠳᠠ ᠨᠠᠢᠷᠠᠮᠳᠠᠬᠤ ᠰᠣᠯᠤᠩᠭᠤᠰ ‍ ᠤᠯᠤᠰ ᠤᠨ ᠰᠸᠦ᠋ᠯ ᠠᠴᠠ ᠪᠤᠰᠠᠨ ᠬᠤᠳᠠ ᠬᠦᠷᠳᠡᠯ᠎ᠠ 610 ᠺᠢᠯᠣᠮᠧᠲᠷ᠎ ᠤᠨ ᠳᠥᠷᠪᠡᠨ ᠡᠳᠦᠷ ᠦᠨ ᠳᠤᠭᠤᠢ ᠶᠢᠨ  ᠠᠶᠠᠯᠠᠯ ᠬᠢᠵᠤ᠂ ᠵᠣᠷᠢᠭ᠌ᠰᠠᠨ ᠳᠠᠭᠠᠨ ᠬᠦᠷᠴᠡᠢ ᠃ ᠪ ∙ ᠸᠴᠢᠷᠪᠡᠨᠢ ᠳᠤᠭᠤᠢ ᠶᠢᠨ  ᠠᠶᠠᠯᠠᠯ ᠢᠶᠠᠨ ᠦᠷᠭᠦᠯᠵᠢᠯᠡᠭᠦᠯᠵᠦ᠂ ᠶᠠᠫᠤᠨ ᠤᠯᠤᠰ ᠢ ᠵᠣᠷᠢᠬᠤ ᠲᠥᠯᠥᠪᠯᠡᠭᠡ ᠲᠠᠢ ᠪᠠᠢᠭ᠎ᠠ ᠪᠠᠨ  ᠴᠠᠬᠢᠮ ᠬᠠᠭᠤᠳᠠᠰᠤᠨ ᠳᠠᠭᠠᠨ  ᠢᠯᠡᠷᠬᠡᠢᠯᠡᠪᠡ᠃

ᠰᠡᠳᠬᠢᠭᠳᠡᠯ ᠦᠯᠡᠳᠡᠭᠡᠬᠦ