ᠮᠣᠩᠭᠣᠯ ᠤᠯᠤᠰ ᠤᠨ ᠶᠡᠭᠡ ᠰᠤᠷᠭᠠᠭᠤᠯᠢ ᠶᠢᠨ ᠨᠡᠭᠦᠳᠡᠯᠴᠢᠳ ᠦᠨ ᠠᠷᠬᠧᠣᠯᠣᠭᠢ ᠶᠢᠨ ᠬᠦᠷᠢᠶᠡᠯᠡᠩ ᠦᠨ ᠰᠤᠳᠤᠯᠭᠠᠨ ᠤ ᠪᠠᠭ ᠰᠡᠯᠡᠩᠭᠡ ᠠᠢᠮᠠᠭ ᠤᠨ ᠢᠷᠦᠭᠡ ᠰᠤᠮᠤ ᠶᠢᠨ ᠨᠤᠲᠤᠭ ᠲᠤ ᠰᠢᠶᠠᠨᠪᠢ ᠶᠢᠨ ᠦᠶ᠎ᠡ ᠶᠢᠨ ᠪᠤᠩᠬᠤᠨᠲᠤ ᠪᠤᠯᠠᠰᠢᠨ ᠤ ᠮᠠᠯᠲᠠᠯᠭ᠎ᠠ ᠰᠤᠳᠤᠯᠭ᠎ᠠ ᠶᠢ ᠡᠬᠢᠯᠡᠭᠦᠯᠦᠭᠡᠳ ᠪᠡᠢᠨ᠎ᠡ᠃
ᠤᠭ ᠳᠤᠷᠠᠰᠬᠠᠯᠲᠤ ᠭᠠᠵᠠᠷ ᠢ ᠠᠩᠬ᠎ᠠ 2019 ᠣᠨ ᠤ ᠨᠡᠮᠦᠷ ᠢᠯᠡᠷᠡᠭᠦᠯᠵᠦ᠂ ᠤᠯᠠᠮ ᠢᠶᠠᠷ 2022-2024 ᠣᠨ ᠤ ᠬᠤᠭᠤᠷᠦᠡᠳᠦ ᠨᠠᠷᠢᠪᠴᠢᠯᠠᠭᠰᠠᠨ ᠬᠡᠮᠵᠢᠯᠲᠡ᠂ 3 D ᠪᠠᠷᠢᠮᠲᠠᠵᠢᠭᠤᠯᠤᠯᠲᠠ ᠵᠡᠷᠭᠡ ᠰᠤᠳᠤᠯᠭ᠎ᠠ ᠶᠢ ᠦᠶ᠎ᠡ ᠱᠠᠲᠤ ᠲᠠᠢ ᠪᠡᠷ ᠬᠢᠵᠡᠢ᠃ ᠡᠨᠡ ᠤᠳᠠᠭ᠎ᠠ ᠰᠢᠶᠠᠨᠪᠢ ᠶᠢᠨ ᠢᠵᠠᠭᠤᠷᠲᠠᠨ ᠤ ᠭᠤᠷᠪᠠᠨ ᠪᠤᠯᠠᠰᠢ᠂ ᠵᠢᠷ ᠦᠨ ᠢᠷᠭᠡᠨ ᠦ ᠬᠣᠶᠠᠷ ᠪᠤᠯᠠᠰᠢ ᠶᠢ ᠮᠠᠯᠲᠠᠵᠤ ᠪᠣᠢ᠃ ᠡᠭᠦᠨ ᠳᠦ ᠢᠵᠠᠭᠤᠷᠲᠠᠨ ᠤ ᠨᠢᠭᠡ ᠪᠤᠯᠠᠰᠢ ᠬᠥᠨᠳᠡᠭ᠍ᠳᠡᠭᠡ ᠦᠭᠡᠢ᠂ ᠠᠩᠬᠠᠨ ᠤ ᠪᠦᠷᠢᠠ ᠪᠦᠳᠦᠠ ᠪᠠᠢᠳᠠᠯ ᠢᠶᠠᠷ ᠢᠶᠠᠨ ᠬᠠᠳᠠᠭᠠᠯᠠᠭᠳᠠᠨ ᠦᠯᠡᠳᠡᠭ᠍ᠰᠡᠨ ᠶᠠᠪᠤᠳᠠᠯ ᠬᠠᠮᠦᠬ ᠤᠨ ᠶᠡᠬᠡ ᠠᠩᠬᠠᠷᠤᠯ ᠲᠠᠲᠠᠵᠤ ᠪᠤᠶ᠃ ᠲᠡᠷᠡ ᠪᠤᠯᠠᠰᠢᠨ ᠤ ᠲᠠᠬᠢᠯ ᠤᠨ ᠬᠡᠰᠡᠭ ᠡᠴᠡ ᠣᠨᠴᠠᠭᠠᠢ ᠰᠣᠨᠢᠷᠬᠠᠯ ᠲᠠᠲᠠᠬᠤᠢᠴᠠ ᠣᠯᠳᠠᠪᠤᠷᠢ ᠨᠤᠭᠤᠳ᠄ ᠲᠤᠬᠠᠢᠯᠠᠪᠠᠯ ᠮᠣᠳᠤᠨ ᠠᠪᠰᠠ᠂ ᠰᠡᠦᠬᠡ ᠲᠡᠷᠭᠡ᠂ ᠬᠠᠷ᠎ᠠ ᠪᠤᠯᠦᠠ ᠵᠡᠭᠡᠷᠳᠡ︵ᠬᠤᠨᠳᠠᠨ︶ᠵᠢᠰᠦᠮ ᠦᠨ ᠬᠣᠶᠠᠷ ᠮᠣᠳᠤᠨ ᠮᠣᠷᠢ᠂ ᠲᠠᠰᠢᠮᠠᠭ ᠬᠡᠯᠪᠡᠷᠢ ᠶᠢᠨ ᠰᠢᠪᠠᠷ ᠸᠠᠭᠠᠷ ᠪᠤᠯᠦᠠ ᠪᠤᠰᠤᠳ ᠰᠣᠨᠢᠷᠬᠠᠯᠲᠠᠢ ᠣᠯᠳᠠᠪᠤᠷᠢ ᠨᠤᠭᠤᠳ ᠣᠯᠳᠠᠵᠠᠢ᠃
ᠢᠵᠠᠭᠤᠷᠲᠠᠨ ᠤ ᠪᠤᠯᠠᠰᠢᠨ ᠳᠤ ᠵᠡᠷᠭᠡᠴᠡᠭᠡ ᠬᠣᠶᠠᠷ ᠮᠣᠳᠤᠨ ᠠᠪᠰᠠ ᠪᠠᠢᠭᠰᠠᠨ ᠪᠥᠭᠡᠳ ᠨᠢᠭᠡ ᠠᠪᠰᠠ ᠶᠢ ᠬᠥᠬᠡ ᠪᠣᠯᠤᠨ ᠰᠢᠷᠭᠠᠯ ᠥᠩᠭᠡ ᠶᠢᠨ ᠵᠤᠵᠠᠭᠠᠨ ᠳᠠᠪᠤᠤ ᠪᠡᠷ ᠪᠦᠷᠢᠠ ᠣᠷᠢᠶᠠᠵᠤ᠂ ᠬᠠᠳᠠᠭᠠᠯᠠᠭᠰᠠᠨ ᠪᠠᠢᠪᠠ᠃ ᠠᠪᠰᠠᠨ ᠤ ᠲᠣᠯᠣᠭᠠᠢ ᠶᠢᠨ ᠬᠡᠰᠡᠭ ᠦᠨ ᠳᠠᠪᠤᠤ ᠶᠢᠨ ᠳᠡᠭᠡᠷ᠎ᠡ ᠬᠠᠷ᠎ᠠ ᠪᠡᠬᠡ ᠪᠡᠷ ᠵᠢᠷᠤᠭᠰᠠᠨ ᠵᠢᠷᠤᠭ᠂ ᠲᠡᠮᠳᠡᠭ ᠮᠠᠰᠢ ᠲᠤᠳᠦ᠂ ᠰᠠᠢᠨ ᠬᠠᠳᠠᠭᠠᠯᠠᠭᠳᠠᠭᠰᠠᠨ ᠨᠢ ᠰᠤᠳᠤᠯᠤᠭᠠᠴᠢᠳ ᠤᠨ ᠠᠩᠬᠠᠷᠤᠯ ᠢ ᠲᠠᠲᠠᠵᠤ ᠪᠡᠢᠨ᠎ᠡ᠃
ᠲᠣᠨᠣᠭᠳᠠᠭᠠ ᠦᠭᠡᠢ᠂ ᠲᠡᠦᠬᠡ ᠶᠢᠨ ᠦᠡᠳᠦᠷ ᠠᠴᠢ ᠬᠣᠯᠪᠣᠭᠳᠠᠯ ᠪᠦᠬᠦᠢ ᠰᠢᠶᠠᠨᠪᠢ ᠶᠢᠨ ᠪᠤᠯᠠᠰᠢ ᠮᠣᠩᠭᠣᠯ ᠤᠯᠤᠰ ᠲᠤ ᠡᠢᠨ ᠬᠦ ᠴᠠᠭ ᠤᠨ ᠡᠷᠬᠡ ᠪᠡᠷ ᠠᠩᠬ᠎ᠠ ᠤᠳᠠᠭ᠎ᠠ ᠢᠯᠡᠷᠡᠵᠦ᠂ ᠭᠣᠣᠯ ᠪᠤᠩᠬᠤᠨ ᠢ ᠨᠢ ᠬᠥᠨᠳᠡᠬᠦ ᠪᠠᠷ ᠬᠤᠯᠪᠦᠬᠳᠡᠬᠤ ᠠᠷᠬᠧᠣᠯᠣᠭᠢ ᠶᠢᠨ ᠮᠡᠷᠭᠡᠵᠢᠯᠲᠡᠳ᠂ ᠰᠤᠳᠤᠯᠤᠭᠠᠴᠢᠳ ᠮᠠᠯᠲᠠᠯᠭ᠎ᠠ ᠬᠢᠵᠦ ᠪᠠᠢᠭ᠎ᠠ ᠪᠥᠭᠡᠳ ᠣᠷᠬᠣᠨ ᠰᠡᠯᠡᠩᠭᠡ ᠶᠢᠨ ᠰᠠᠪᠠ ᠭᠠᠵᠠᠷ ᠲᠤ ᠡᠷᠲᠡᠨ ᠥ ᠰᠢᠶᠠᠨᠪᠢ ᠶᠢᠨ ᠲᠥᠷᠥᠲᠦ ᠤᠯᠤᠰ ᠪᠠᠢᠭᠰᠠᠨ ᠪᠠᠢᠵᠤ ᠮᠠᠭᠠᠳ ᠦᠭᠡᠢ ᠶᠢ ᠨᠤᠲᠠᠯᠠᠬᠤ ᠴᠢᠬᠤᠯᠠ ᠪᠠᠷᠢᠮᠲᠠ ᠨᠤᠭᠤᠳ ᠣᠯᠳᠠᠵᠤ ᠪᠠᠢᠭ᠎ᠠ ᠶᠢ ᠲᠡᠳᠡ ᠣᠨᠴᠠᠯᠠᠪᠠ᠃