ᠴᠠᠬᠢᠮ ᠮᠥᠷᠦᠢ ᠲᠠᠢ ᠲᠣᠭᠯᠠᠭᠠᠮ ᠢ ᠬᠣᠷᠢᠭ᠌ᠯᠠᠭᠰᠠᠨ ᠬᠠᠤᠯᠢ 07 ᠰᠠᠷ᠎ᠠ ᠶᠢᠨ ᠨᠢᠭᠡᠨ ᠡᠴᠡ ᠬᠡᠷᠡᠭ᠍ᠵᠢᠵᠦ ᠡᠬᠢᠯᠡᠯ᠎ᠡ ᠃
ᠬᠠᠤᠯᠢ ᠪᠠᠲᠤᠯᠠᠭᠳᠠᠭᠰᠠᠨ ᠢᠶᠠᠷ᠂ ᠠᠭᠧᠨ᠋ᠲ ᠤᠳ ᠲᠤ ᠡᠷᠡᠭᠦᠦ ᠶᠢᠨ ᠬᠠᠷᠢᠭᠤᠴᠠᠯᠭ᠎ᠠ ᠬᠦᠯᠢᠶᠡᠯᠭᠡᠨ᠎ᠡ᠂ ᠴᠠᠬᠢᠮ ᠮᠥᠷᠦᠢ ᠲᠠᠢ ᠲᠣᠭᠯᠠᠭᠠᠮ ᠰᠤᠷᠲᠠᠯᠴᠢᠯᠠᠭᠰᠠᠨ ᠂ ᠤᠷᠢᠶᠠᠯᠠᠭᠰᠠᠨ ᠪᠣᠯ ᠵᠥᠷᠢᠴᠡᠯ ᠦᠨ ᠬᠠᠷᠢᠭᠤᠴᠠᠯᠭ᠎ᠠ ᠬᠦᠯᠢᠶᠡᠨ᠎ᠡ᠃ VPN ᠵᠡᠷᠭᠡ ᠶᠢ ᠠᠰᠢᠭ᠌ᠯᠠᠨ ᠲᠣᠭᠯᠠᠭᠰᠠᠨ ᠲᠣᠬᠢᠶᠠᠯᠳᠤᠯ ᠳᠤ ᠬᠠᠤᠯᠢ ᠶᠢᠨ ᠬᠠᠷᠢᠭᠤᠴᠠᠯᠭ᠎ᠠ ᠬᠦᠯᠢᠶᠡᠨ᠎ᠡ ᠃
ᠴᠠᠬᠢᠮ ᠮᠥᠷᠦᠢ ᠲᠠᠢ ᠲᠣᠭᠯᠠᠭᠠᠮ ᠳᠤ ᠮᠣᠩᠭᠣᠯ ᠠᠴᠠ ᠬᠠᠨᠳᠤᠬᠤ ᠡᠷᠬᠡ ᠬᠠᠤᠯᠢ ᠶᠣᠰᠣᠨ ᠤ ᠳᠠᠭᠠᠤ ᠬᠠᠭᠠᠭᠳᠠᠨ᠎ᠠ᠃ ᠮᠣᠩᠭᠣᠯᠴᠤᠳ ᠤᠨ ᠬᠥᠷᠥᠩᠭᠡ ᠭᠠᠳᠠᠭ᠌ᠰᠢ ᠤᠷᠤᠰᠬᠤ ᠬᠢᠨᠠᠯᠲᠠ ᠦᠭᠡᠢ ᠰᠤᠪᠠᠭ ᠬᠠᠭᠠᠭᠳᠠᠨ᠎ᠠ᠃ ᠬᠠᠷᠢ ᠶᠢᠨ ᠡᠲᠡᠭᠡᠳ ᠦᠨ ᠮᠥᠩᠭᠥ ᠤᠬᠢᠶᠠᠯᠲᠠ᠂ ᠤᠹᠱᠤᠷ ᠳᠠᠮᠵᠢᠭᠤᠯᠤᠯᠲᠠ ᠵᠣᠭᠰᠣᠨ᠎ᠠ ᠃