ᠠᠷᠪᠠ ᠶᠢᠰᠦᠳᠦᠭᠡᠷ ᠤᠳᠠᠭᠠᠨ ᠤ《ᠳᠡᠪᠡᠯ ᠲᠠᠢ ᠮᠣᠩᠭᠣᠯ ᠨᠠᠭᠠᠳᠤᠮ 》 ᠢ ᠡᠨᠡ ᠰᠠᠷ᠎ᠠ ᠶᠢᠨ 8 ᠣ ᠡᠳᠦᠷ ᠦᠨ 11 ᠴᠠᠭ ᠲᠤ ᠳ ᠂ ᠰᠦᠬᠡᠪᠠᠭᠠᠲᠤᠷ ᠤᠨ ᠲᠠᠯᠠᠪᠠᠢ ᠳᠤ ᠵᠣᠬᠢᠶᠠᠨ ᠪᠠᠢᠭᠤᠯᠤᠨ᠎ᠠ ᠃
ᠨᠠᠭᠠᠳᠤᠮ ᠤᠨ ᠦᠶ᠎ᠡ ᠪᠠᠷ᠄ ᠰᠢᠯᠢᠳᠡᠭ ᠳᠡᠭᠦᠷᠭᠡ᠂ ᠰᠢᠯᠢᠳᠡᠭ ᠠᠵᠤ ᠠᠬᠤᠢ ᠶᠢᠨ ᠨᠢᠭᠡᠴᠢ ᠪᠠᠢᠭᠤᠯᠤᠯᠭ᠎ᠠ᠂ ᠰᠢᠯᠢᠳᠡᠭ ᠳᠡᠪᠡᠯ ᠤᠷᠠᠯᠠᠭᠠᠴᠢ᠂ ᠬᠠᠮᠦᠬ ᠤᠨ ᠰᠡᠢᠢᠬᠠᠠ ᠳᠡᠪᠡᠯ ᠲᠠᠢ ᠭᠡᠷ ᠪᠦᠯᠢ᠂ ᠬᠠᠮᠦᠬ ᠤᠨ ᠰᠡᠢᠬᠠᠠ ᠳᠡᠪᠡᠯ ᠲᠠᠢ ᠣᠷᠤᠯᠴᠠᠭ᠌ᠴᠢ᠂ ᠮᠣᠩᠭᠣᠯ ᠦᠨᠳᠦᠰᠦᠨ ᠤ ᠬᠤᠪᠴᠠᠰᠤ ᠲᠠᠢ ᠭᠠᠳᠠᠭᠠᠳᠤ ᠶᠢᠨ ᠰᠢᠯᠢᠳᠡᠭ ᠣᠷᠤᠯᠴᠠᠭ᠌ᠴᠢ᠂ ᠬᠠᠮᠦᠬ ᠤᠨ ᠰᠡᠢᠬᠠᠠ ᠳᠡᠪᠡᠯ ᠲᠠᠢ ᠬᠡᠦᠬᠡᠳ ᠢ ᠲᠤᠰ ᠲᠤᠰ ᠰᠢᠯᠭᠠᠷᠠᠭᠤᠯᠤᠨ᠎ᠠ᠃ ᠮᠥᠨ ᠡᠨᠡ ᠦᠶ᠎ᠡ ᠪᠠᠷ ᠦᠨᠳᠦᠰᠦᠨ ᠤ ᠬᠤᠪᠴᠠᠰᠤᠨ ᠤ ᠵᠠᠭᠪᠤᠷ ᠤᠨ ᠦᠵᠡᠭᠦᠯᠪᠦᠷᠢ ᠂ ᠦᠨᠳᠦᠰᠦᠨ ᠤ ᠲᠣᠭᠯᠠᠭᠠᠮ ᠂ ᠨᠠᠭᠠᠳᠤᠭᠠᠢ ᠂ ᠳᠡᠪᠡᠯ ᠤᠨ ᠦᠵᠡᠰᠬᠦᠯᠡᠩ ᠬᠤᠳᠠᠯᠳᠤᠭ᠎ᠠ ᠪᠣᠯᠬᠤ ᠶᠤᠮ᠃