ᠤᠯᠠᠭᠠᠨᠪᠠᠭᠠᠲᠤᠷ ᠬᠣᠲᠠᠨ᠎ᠠ ᠪᠣᠯᠵᠤ ᠦᠨᠭᠭᠡᠷᠡᠭ᠍ᠰᠡᠠ FIBA 3 × 3 ᠰᠠᠭᠰᠤᠨ ᠪᠥᠮᠪᠥᠭᠡ ᠶᠢᠨ ᠳᠡᠯᠡᠬᠡᠢ ᠶᠢᠨ ᠠᠪᠤᠷᠭᠤ ᠠᠴᠠ ᠮᠥᠩᠭᠥᠨ ᠮᠧᠳᠠᠯ ᠬᠦᠷᠲᠡᠭ᠍ᠰᠡᠨ ᠮᠣᠩᠭᠣᠯ ᠤᠨ ᠰᠢᠭ᠍ᠰᠢᠭᠡ ᠪᠠᠭ ᠤᠨ ᠭᠣᠣᠯ ᠲᠣᠭᠯᠠᠭ᠌ᠴᠢ ᠨ᠂ ᠨᠠᠨᠳᠢᠨᠬᠦ᠋ᠰᠡᠯ ᠤᠨ ᠮᠥᠷᠦᠭᠡᠳᠦᠯ ᠪᠡᠶᠡᠯᠡᠯᠡ᠃ ᠲᠡᠷᠡ News. mn ᠰᠠᠢᠲ ᠲᠤ 2023 ᠣᠨ ᠳᠤ ᠥᠭ᠍ᠭᠦᠭ᠍ᠰᠡᠨ ᠶᠠᠷᠢᠯᠴᠠᠭ᠎ᠠ ᠳᠠᠭᠠᠨ᠄《ᠪᠢ ᠠᠮᠧᠷᠢᠺᠠ ᠶᠢᠨ WNCAA ᠳᠦ ᠲᠣᠭᠯᠠᠬᠤ ᠮᠥᠷᠥᠭᠡᠳᠦᠯ ᠲᠠᠢ》ᠭᠡᠵᠦ ᠪᠠᠢᠪᠠ ᠃ ᠲᠡᠭᠡᠪᠡᠯ 07 ᠰᠠᠷ᠎ᠠ ᠶᠢᠨ 01 ᠳᠦ NCAA ᠶᠢᠨ ᠬᠣᠶᠠᠳᠤᠭᠠᠷ ᠳ᠋ᠢᠸᠢᠽᠤᠨ ᠳᠤ ᠬᠠᠷᠢᠶᠠᠯᠠᠯ ᠲᠠᠢ ᠹᠯᠤᠷᠢᠳᠠ ᠶᠢᠨ ᠲᠧᠻᠨᠣᠯᠣᠭᠢ ᠶᠢᠨ ᠶᠡᠬᠡ ᠰᠤᠷᠭᠠᠭᠤᠯᠢ ᠶᠢᠨ ᠫᠠᠨᠲ᠋ᠧᠷᠰ ᠪᠠᠭ ᠲᠡᠭᠦᠨ ᠢ ᠪᠠᠭ ᠲᠤ ᠪᠠᠨ ᠨᠢᠭᠡᠳᠬᠡᠵᠦ ᠪᠤᠢ ᠪᠠᠨ ᠵᠠᠷᠯᠠᠵᠠᠢ ᠃
ᠨ᠂ ᠨᠠᠨᠳᠢᠨᠬᠦ᠋ᠰᠡᠯ ᠨᠡᠢᠰᠯᠡᠯ ᠦᠨ ᠨᠢᠭᠡᠳᠦᠭᠡᠷ ᠰᠤᠷᠭᠠᠭᠤᠯᠢ ᠶᠢ ᠲᠡᠭᠦᠰᠦᠭᠡᠳ ᠠᠮᠧᠷᠢᠺᠠ ᠶᠢᠨ SPIRE ᠠᠺᠠᠳᠧᠮᠢ ᠳᠤ ᠰᠤᠷᠤᠯᠴᠠᠨ ᠦᠨᠭᠭᠡᠷᠡᠭ᠍ᠰᠡᠠ ᠵᠢᠯ ᠡᠬᠡ ᠣᠷᠣᠨ ᠳᠤ ᠪᠠᠨ ᠡᠷᠭᠢᠨ ᠢᠷᠡᠭ᠍ᠰᠡᠨ ᠪᠢᠯᠡ᠃ ᠡᠢᠨ ᠬᠦ 18 ᠨᠠᠰᠤᠨ ᠳᠤ ᠪᠠᠨ ᠳᠠᠬᠢᠨ ᠠᠮᠧᠷᠢᠺᠠ ᠶᠢ ᠵᠣᠷᠢᠵᠤ ᠂ ᠺᠣᠯᠯᠸᠵᠢ ᠰᠠᠭᠰᠤᠨ ᠪᠥᠮᠪᠥᠭᠡ ᠳᠤ ᠬᠦᠴᠦ ᠦᠵᠡᠬᠦ ᠪᠡᠷ ᠪᠣᠯᠵᠤ ᠪᠡᠢᠨ᠎ᠡ ᠃