ᠬᠥᠮᠦᠨ ᠪᠠᠢᠭᠠᠯᠢ ᠠᠴᠠ ᠬᠠᠷᠠᠭᠠᠲᠤ ᠪᠤᠰᠤ ᠠᠵᠤ ᠠᠬᠤᠢ ᠲᠠᠢ ᠪᠣᠯᠣᠭᠰᠠᠨ ᠠᠩᠬᠠᠨ ᠤ ᠡᠷᠢᠨ ᠦᠶ᠎ᠡ | News.MN

ᠬᠥᠮᠦᠨ ᠪᠠᠢᠭᠠᠯᠢ ᠠᠴᠠ ᠬᠠᠷᠠᠭᠠᠲᠤ ᠪᠤᠰᠤ ᠠᠵᠤ ᠠᠬᠤᠢ ᠲᠠᠢ ᠪᠣᠯᠣᠭᠰᠠᠨ ᠠᠩᠬᠠᠨ ᠤ ᠡᠷᠢᠨ ᠦᠶ᠎ᠡ

ᠮᠣᠩᠭᠣᠯᠴᠤᠳ ᠤᠨ ᠡᠪᠦᠭᠡ ᠲᠡᠭᠡᠳᠦᠰ ᠳᠡᠯᠡᠬᠡᠢ ᠶᠢᠨ ᠬᠥᠮᠦᠨ ᠲᠥᠷᠥᠯᠬᠢᠲᠡᠨ ᠦ ᠨᠢᠭᠡᠨ ᠠᠳᠡᠯᠢ ᠴᠢᠯᠠᠭᠤᠨ ᠵᠡᠪᠰᠡᠭ ᠤᠨ ᠡᠷᠢᠨ ᠦᠶ᠎ᠡ ᠶᠢ ᠲᠤᠭᠤᠯᠤᠭᠰᠠᠨ ᠣᠯᠠᠨ ᠵᠠᠭᠤᠨ ᠮᠢᠩᠭᠠᠨ ᠵᠢᠯ ᠦᠨ ᠢᠶᠡᠨ ᠲᠡᠭᠦᠰᠬᠡᠯ ᠳᠤ ᠴᠢᠯᠠᠭᠤᠨ ᠤ ᠪᠠᠲᠤ ᠪᠥᠬᠡ ᠬᠠᠲᠠᠭᠤᠯᠢᠭ ᠴᠢᠨᠠᠷ ᠢ ᠤᠯᠠᠮ ᠲᠠᠨᠢᠵᠤ᠂ ᠴᠡᠬᠢᠭᠤᠷ ᠴᠢᠯᠠᠭᠤᠨ ᠤ ᠪᠥᠬᠡ ᠪᠠᠲᠤ ᠴᠢᠨᠠᠷ ᠢ ᠠᠰᠢᠭ᠌ᠯᠠᠨ ᠵᠡᠪᠰᠡᠭ ᠤᠨ ᠲᠥᠷᠥᠯ ᠵᠦᠢᠯ ᠢᠶᠡᠨ ᠤᠯᠠᠮ ᠰᠠᠢᠵᠢᠷᠠᠭᠤᠯᠤᠨ ᠬᠡᠷᠡᠭ᠍ᠯᠡᠭ᠍ᠰᠡᠨ ᠲᠡᠷᠡ ᠡᠷᠢᠨ ᠦᠶ᠎ᠡ ᠶᠢ ᠰᠢᠨ᠎ᠡ ᠴᠢᠯᠠᠭᠤᠨ ᠵᠡᠪᠰᠡᠭ ᠤᠨ ᠡᠷᠢᠨ ᠦᠶ᠎ᠡ ᠭᠡᠵᠦ ᠲᠡᠦᠬᠡᠴᠢᠳ ᠠᠩᠭᠢᠯᠠᠨ ᠠᠪᠴᠤ ᠦᠵᠡᠳᠡᠭ ᠃

ᠶᠡᠭᠠᠬᠢᠭᠠᠦᠠ《ᠰᠢᠨ᠎ᠡ》ᠪᠤᠯᠦᠠ《ᠬᠠᠭᠤᠴᠢᠠ ᠴᠢᠯᠠᠭᠤᠨ ᠵᠡᠪᠰᠡᠭ》ᠭᠡᠵᠦ ᠢᠯᠭᠠᠭᠠᠳ ᠪᠠᠢᠳᠠᠭ ᠪᠤᠢ ᠭᠡᠳᠡᠭ ᠠᠰᠠᠭᠤᠯᠲᠠ ᠭᠠᠷᠬᠤ ᠪᠠᠢᠬᠤ᠃《ᠬᠠᠭᠤᠴᠢᠠ ᠵᠡᠪᠰᠡᠭ》ᠭᠡᠳᠡᠭ ᠴᠡᠬ ᠬᠤᠭᠤᠴᠠᠭᠠᠨ ᠤ ᠬᠤᠪᠢ ᠳᠤ ᠤᠷᠲᠤ ᠤᠳᠠᠭᠠᠨ ᠦᠷᠭᠦᠯᠵᠢᠯᠡᠭ᠍ᠰᠡᠨ︵800 000-12 000 ᠵᠢᠯ ︶ᠨᠥᠭᠥᠭᠡ ᠲᠠᠯ᠎ᠠ ᠪᠠᠷ ᠪᠠᠢᠭᠠᠯᠢ ᠳᠡᠭᠡᠷ᠎ᠡ ᠪᠠᠢᠬᠤ ᠪᠦᠬᠦ ᠲᠥᠷᠥᠯ ᠤᠨ ᠴᠢᠯᠠᠭᠤ᠂ ᠮᠣᠳᠣ ᠶᠢ ᠠᠰᠢᠭ᠌ᠯᠠᠨ ᠥᠪᠡᠷ ᠲᠤ ᠪᠠᠨ ᠲᠠᠭᠠᠷᠠᠭᠰᠠᠨ ᠵᠡᠪᠰᠡᠭ ᠬᠢᠳᠡᠭ ᠪᠠᠢᠭᠰᠠᠨ ᠡᠷᠢᠨ ᠦᠶ᠎ᠡ᠃ ᠬᠠᠭᠤᠴᠢᠠ ᠵᠡᠪᠰᠡᠭ ᠤᠨ ᠦᠶ᠎ᠡ ᠶᠢ ᠳᠣᠲᠣᠷ᠎ᠠ ᠨᠢ《ᠳᠣᠤᠷᠠᠳᠤ ᠦᠶ᠎ᠡ》ᠪᠤᠯᠦᠠ《ᠲᠡᠭᠡᠳᠦ ᠦᠶ᠎ᠡ》ᠬᠡᠮᠡᠨ ᠵᠠᠭᠠᠭᠯᠠᠨ ᠠᠪᠴᠤ ᠦᠵᠡᠳᠡᠭ᠃《ᠳᠣᠤᠷᠠᠳᠤ ᠦᠶ᠎ᠡ 》 ᠳᠦ ᠪᠡᠨ ᠴᠡᠪᠡᠷ ᠪᠠᠢᠭᠠᠯᠢ ᠠᠴᠠ ᠬᠠᠷᠠᠭᠠᠲᠤ ᠠᠩ ᠠᠩᠨᠠᠭᠤᠷ᠂ ᠪᠠᠢᠭᠠᠯᠢ ᠳᠡᠭᠡᠷ᠎ᠡ ᠪᠠᠢᠳᠠᠭ ᠦᠷ᠎ᠡ ᠵᠢᠮᠢᠰ ᠲᠡᠭᠦᠬᠦ ᠢᠳᠡᠬᠦ ᠵᠡᠷᠭᠡ ᠪᠠᠷ ᠲᠤᠬᠠᠢ ᠶᠢᠨ ᠠᠮᠢᠳᠤᠷᠠᠵᠤ ᠪᠤᠶ ᠣᠷᠴᠢᠨ ᠤ ᠪᠠᠨ ᠨᠥᠭᠡᠴᠡ ᠳᠤ ᠲᠤᠯᠭᠠᠭᠤᠷᠢᠯᠠᠨ ᠠᠮᠢᠳᠤᠷᠠᠵᠤ ᠪᠠᠢᠭᠰᠠᠨ ᠪᠣᠯ《ᠲᠡᠭᠡᠳᠦ ᠦᠶ᠎ᠡ》 ᠳᠦ ᠪᠡᠨ ᠭᠠᠯ ᠬᠡᠷᠡᠭ᠍ᠯᠡᠵᠦ᠂ ᠡᠵᠡᠮᠰᠢᠵᠦ ᠡᠬᠢᠯᠡᠭ᠍ᠰᠡᠨ ᠢᠶᠡᠷ ᠬᠣᠭᠣᠯᠠ ᠪᠠᠨ ᠪᠣᠯᠭᠠᠵᠤ ᠢᠳᠡᠳᠡᠭ ᠪᠣᠯᠣᠭᠰᠠᠨ ᠤᠴᠢᠷ ᠠᠴᠠ ᠬᠥᠮᠥᠨ ᠤ ᠪᠡᠶ᠎ᠠ ᠣᠷᠭᠠᠨᠢᠰᠮ᠂ ᠲᠠᠷᠢᠬᠢᠨ ᠤ ᠬᠥᠭ᠍ᠵᠢᠯ ᠬᠤᠷᠳᠦᠠ ᠰᠠᠢᠵᠢᠷᠠᠭᠰᠠᠨ ᠭᠡᠵᠦ ᠰᠤᠳᠤᠯᠤᠭᠠᠴᠢᠳ ᠦᠵᠡᠳᠡᠭ᠃

ᠰᠢᠨ᠎ᠡ ᠴᠢᠯᠠᠭᠤᠨ ᠵᠡᠪᠰᠡᠭ ᠤᠨ ᠡᠷᠢᠨ ᠦᠶ᠎ᠡ ᠳᠡᠬᠡᠨ ᠬᠠᠮᠦᠬ ᠤᠨ ᠬᠠᠲᠠᠭᠤ ᠰᠠᠢᠨ ᠴᠢᠨᠠᠷ ᠤᠨ ᠴᠡᠬᠢᠭᠤᠷ ᠴᠢᠯᠠᠭᠤ ᠶᠢ ᠠᠰᠢᠭ᠌ᠯᠠᠨ ᠵᠡᠷ ᠵᠡᠪᠰᠡᠭ ᠬᠢᠳᠡᠭ ᠪᠣᠯᠣᠭᠰᠠᠨ ᠲᠡᠳᠦᠢ ᠦᠭᠡᠢ ᠵᠡᠷ ᠵᠡᠪᠰᠡᠭ ᠤᠨ ᠵᠣᠷᠢᠭᠤᠯᠤᠯᠲᠠ᠂ ᠲᠣᠭ᠎ᠠ᠂ ᠴᠢᠨᠠᠷ ᠨᠢ ᠨᠡᠮᠡᠭ᠍ᠳᠡᠭ᠍ᠰᠡᠨ᠃ ᠲᠡᠷᠡ ᠦᠶ᠎ᠡ ᠳᠤ ᠪᠠᠢᠭᠠᠯᠢ ᠳᠡᠯᠡᠬᠡᠢ ᠳᠤ ᠭᠠᠷᠤᠭᠰᠠᠨ ᠲᠣᠮᠤᠬᠠᠨ ᠥᠭᠡᠷᠡᠴᠢᠯᠡᠯᠲᠡ ᠶᠢᠨ ᠨᠢᠭᠡ ᠨᠢ ᠪᠡᠭ᠎ᠠ ᠮᠥᠰᠥᠲᠦᠯᠭᠡ ᠶᠢᠨ ᠡᠷᠢᠨ ᠦᠶ᠎ᠡ ᠳᠠᠭᠤᠰᠴᠤ ᠥᠨᠦ ᠶᠢᠨ ᠮᠠᠨ ᠤ ᠮᠣᠩᠭᠣᠯ ᠤᠯᠤᠰ ᠤᠨ ᠨᠤᠳᠦᠬ ᠳᠡᠪᠢᠰᠬᠡᠷ ᠳᠡᠭᠡᠷ᠎ᠡ ᠣᠳᠣ ᠶᠢᠨ ᠳᠥᠷᠪᠡᠨ ᠤᠯᠠᠷᠢᠯ ᠤᠨ ᠨᠥᠬᠦᠴᠡᠯ ᠪᠠᠢᠢᠳᠠᠯ ᠬᠡᠯᠪᠡᠷᠢᠵᠢᠨ ᠲᠣᠭᠲᠠᠨᠢᠵᠤ ᠣᠶᠣᠨ ᠤᠬᠠᠭᠠᠨᠲᠤ ᠬᠥᠮᠦᠨ ᠪᠠᠢᠭᠠᠯᠢ ᠠᠴᠠ ᠬᠠᠷᠠᠭᠠᠲᠤ ᠪᠠᠢᠳᠠᠯ ᠢᠶᠠᠷ ᠠᠮᠢᠳᠦᠷᠡᠬᠤ ᠲᠡᠷᠡ ᠡᠷᠢᠨ ᠦᠶ᠎ᠡ ᠨᠢ ᠳᠠᠭᠤᠰᠴᠤ᠂ ᠥᠪᠡᠷ ᠤᠨ ᠠᠮᠢᠳᠤᠷᠠᠯ ᠠᠬᠤᠢ ᠳᠠᠭᠠᠨ ᠪᠠᠢᠭᠠᠯᠢ ᠠᠴᠠ ᠬᠠᠮᠢᠶᠠᠷᠤᠯ ᠦᠭᠡᠢ ᠲᠡᠵᠢᠭᠡᠨ ᠲᠡᠳᠬᠦᠵᠦ ᠪᠠᠢᠬᠤ ᠥᠪᠡᠷ ᠤᠨ ᠭᠡᠰᠡᠨ ᠪᠡᠶ᠎ᠠ ᠳᠠᠭᠠᠭᠠᠭᠰᠠᠨ ᠠᠵᠤ ᠠᠬᠤᠢ ᠶᠢ ᠪᠤᠢ ᠪᠣᠯᠭᠠᠵᠤ ᠡᠬᠢᠯᠡᠭ᠍ᠰᠡᠨ ᠪᠡᠢᠨ᠎ᠡ ᠃

ᠬᠤᠷᠳᠦᠠ ᠬᠥᠳᠡᠯᠭᠡᠭᠡᠨ ᠲᠠᠢ᠂ ᠰᠠᠯᠠᠭ᠎ᠠ ᠪᠤᠯᠦᠠ ᠪᠢᠳᠡᠬᠦᠦ ᠲᠤᠭᠤᠷᠠᠢ ᠲᠠᠢ ᠣᠯᠠᠨ ᠰᠥᠷᠦᠭ ᠠᠩ ᠠᠮᠢᠲᠠᠨ ᠳᠤ ᠣᠢᠷᠠᠳᠬᠤ ᠭᠠᠭᠴᠠ ᠠᠷᠭ᠎ᠠ ᠨᠢ᠂ ᠠᠯᠢᠪᠡ ᠵᠦᠢᠯ ᠬᠥᠪᠴᠢᠷᠡᠵᠦ ᠨᠤᠮᠤᠷᠠᠭᠠᠳ ᠪᠤᠴᠠᠬᠤ ᠳᠠᠭᠠᠨ ᠮᠠᠰᠢ ᠶᠡᠭᠡ ᠬᠦᠴᠦ ᠭᠠᠷᠭᠠᠨ ᠬᠤᠯᠠ ᠬᠠᠷᠪᠤᠳᠠᠭ ᠮᠥᠨ ᠴᠢᠨᠠᠷ ᠢ ᠲᠠᠨᠢᠵᠤ ᠮᠡᠳᠡᠭ᠍ᠰᠡᠨ ᠤᠴᠢᠷ ᠠᠴᠠ ᠠᠩᠬᠠᠨ ᠤ ᠨᠤᠮᠤ ᠰᠤᠮᠤ ᠭᠡᠳᠡᠭ ᠵᠡᠪᠰᠡᠭ ᠢ ᠰᠠᠨᠠᠭᠠᠴᠢᠯᠠᠨ ᠬᠢᠵᠦ ᠡᠬᠢᠯᠡᠭ᠍ᠰᠡᠨ ᠪᠡᠢᠨ᠎ᠡ᠃

ᠠᠩ ᠠᠩᠨᠠᠭᠤᠷ ᠠᠴᠠ ᠮᠠᠯ ᠠᠵᠤ ᠠᠬᠤᠶ ᠤᠷᠤᠭᠤ ᠰᠢᠯᠵᠢᠭ᠍ᠰᠡᠨ ᠪᠣᠯ ᠲᠡᠭᠦᠪᠦᠷᠢ ᠠᠵᠤ ᠠᠬᠤᠢ ᠠᠴᠠ ᠭᠠᠵᠠᠷ ᠲᠠᠷᠢᠶᠠᠯᠠᠩ ᠤᠨ ᠠᠵᠤ ᠠᠬᠤᠶ ᠤᠷᠤᠭᠤ ᠰᠢᠯᠵᠢᠭ᠍ᠰᠡᠨ ᠪᠡᠢᠨ᠎ᠡ᠃ ᠭᠡᠪᠡᠴᠦ ᠠᠭᠠᠵᠢᠮ ᠳᠠᠭᠠᠨ ᠪᠠᠢᠭᠠᠯᠢ ᠴᠡᠬ ᠠᠭᠤᠷ ᠪᠤᠯᠦᠠ ᠭᠠᠵᠠᠷ ᠣᠷᠣᠨ ᠤ ᠣᠨᠴᠠᠯᠢᠭ ᠵᠡᠷᠭᠡ ᠨᠢ ᠭᠠᠵᠠᠷ ᠲᠠᠷᠢᠶᠠᠯᠠᠩ ᠤᠨ ᠠᠵᠤ ᠠᠬᠤᠢ ᠶᠢ ᠪᠤᠰᠤ ᠮᠠᠯ ᠠᠵᠤ ᠠᠬᠤᠢ ᠶᠢ ᠳᠠᠩᠨᠠᠨ ᠬᠥᠭ᠍ᠵᠢᠭᠦᠯᠬᠦ ᠪᠣᠯᠭᠠᠭᠰᠠᠨ ᠪᠡᠢᠨ᠎ᠡ ᠃

8000 ᠵᠢᠯ ᠦᠨ ᠲᠡᠷᠲᠡᠭᠡ ᠡᠴᠡ ᠡᠬᠢᠯᠡᠭ᠍ᠰᠡᠨ ᠲᠡᠷᠡ ᠬᠦ ᠬᠦᠴᠦᠲᠦ ᠨᠤᠮᠤ ᠰᠤᠮᠤ ᠭᠡᠳᠡᠭ ᠵᠡᠪᠰᠡᠭ ᠢ ᠬᠢᠳᠡᠭ ᠭᠣᠣᠯ ᠦᠨᠳᠦᠰᠦᠨ ᠮᠠᠲ᠋ᠧᠷᠢᠶᠠᠯ ᠮᠡᠳᠡᠭᠡᠵᠢ ᠮᠣᠳᠤ᠂ ᠴᠢᠯᠠᠭᠤ ᠬᠣᠶᠠᠷ ᠪᠠᠢᠯ᠎ᠠ᠃ ᠰᠤᠮᠤᠨ ᠤ ᠦᠵᠦᠭᠦᠷ ᠦᠨ ᠵᠡᠪᠡ ᠶᠢ ᠴᠡᠬᠢᠭᠤᠷ ᠴᠢᠯᠠᠭᠤ ᠠᠰᠢᠭ᠌ᠯᠠᠨ ᠵᠠᠰᠠᠵᠤ ᠬᠢᠵᠦ ᠴᠢᠳᠠᠳᠠᠭ ᠪᠣᠯᠣᠭᠰᠠᠨ ᠤᠴᠢᠷ ᠠᠴᠠ ᠮᠠᠰᠢ ᠬᠥᠨᠥᠭᠡᠯ ᠲᠠᠢ ᠵᠡᠪᠰᠡᠭ ᠪᠣᠯᠬᠤ ᠨᠤᠮᠤ᠂ ᠰᠤᠮᠤ ᠤᠯᠠᠮ ᠲᠡᠭᠦᠯᠳᠡᠷᠵᠢᠭ᠍ᠰᠡᠨ ᠪᠡᠢᠨ᠎ᠡ ᠃

ᠴᠡᠬᠢᠭᠤᠷ ᠴᠢᠯᠠᠭᠤ ᠪᠡᠷ ᠬᠢᠭ᠍ᠰᠡᠨ ᠡᠳᠡᠭᠡᠷ ᠰᠤᠮᠤ ᠶᠢᠨ ᠵᠡᠪᠡ ᠨᠦᠭᠦᠳ ᠲᠤᠬᠠᠢ ᠶᠢᠨ ᠴᠠᠭ ᠤᠨ ᠢᠶᠠᠨ ᠬᠠᠮᠦᠬ ᠤᠨ ᠰᠢᠯᠢᠳᠡᠭ᠂ ᠥᠨᠳᠦᠷ ᠲᠧᠻᠨᠣᠯᠣᠭᠢ ᠶᠢᠨ ᠲᠡᠭᠦᠯᠳᠡᠷᠵᠢᠭ᠍ᠰᠡᠨ ᠵᠡᠪᠰᠡᠭ ᠤᠨ ᠲᠥᠷᠥᠯ ᠪᠠᠢᠪᠠ᠃ ᠡᠢᠮᠦ ᠰᠤᠮᠤ ᠶᠢᠨ ᠵᠡᠪᠡ ᠨᠦᠭᠦᠳ ᠮᠠᠨ ᠤ ᠭᠣᠪᠢ᠂ ᠲᠡᠯ᠎ᠠ ᠬᠡᠭᠡᠷ᠎ᠡ ᠶᠢᠨ ᠨᠤᠲᠤᠭ ᠤᠳ ᠠᠴᠠ ᠡᠯᠪᠡᠭ ᠣᠯᠳᠠᠳᠠᠭ᠃ ᠬᠥᠮᠥᠨ ᠤ ᠣᠶᠣᠨ ᠤᠬᠠᠭᠠᠨ ᠰᠠᠢᠵᠢᠷᠠᠵᠤ ᠲᠡᠯᠡᠬᠦ ᠶᠢᠨ ᠬᠢᠷᠢ ᠪᠡᠷ ᠠᠯᠢᠪᠡ ᠵᠦᠢᠯ ᠢ ᠲᠠᠨᠢᠨ ᠮᠡᠳᠡᠬᠦ ᠬᠦᠰᠡᠯ ᠡᠷᠡᠮᠡᠯᠵᠡᠯᠡᠯ ᠤᠯᠠᠮ ᠶᠡᠬᠡᠰᠴᠦ᠂ ᠰᠢᠲᠦᠯᠭᠡ ᠪᠢᠰᠢᠷᠡᠯ ᠲᠡᠢ ᠪᠣᠯᠣᠭᠰᠠᠨ᠂ ᠠᠯᠢᠪᠡ ᠵᠦᠢᠯ ᠢ ᠡᠵᠡᠨ ᠲᠠᠢ ᠬᠡᠮᠡᠨ ᠰᠡᠳᠬᠢᠵᠦ᠂ ᠲᠡᠭᠦᠨ ᠢ ᠪᠡᠨ ᠰᠦᠰᠦᠭ ᠪᠢᠰᠢᠷᠡᠯ ᠳᠡᠬᠡᠨ ᠢᠯᠡᠷᠬᠡᠢᠯᠡᠬᠦ ᠪᠣᠯᠵᠤ ᠴᠢᠯᠠᠭᠤᠨ ᠣᠩᠭᠤᠨ ᠬᠢᠬᠦ᠂ ᠪᠥᠭᠡ ᠶᠢᠨ ᠱᠠᠰᠢᠨ ᠤ ᠡᠬᠢᠯᠡᠯ ᠲᠠᠯᠪᠢᠭ᠌ᠳᠠᠭᠰᠠᠨ᠃ ᠬᠥᠮᠥᠨ ᠢᠶᠡᠨ ᠲᠤᠰᠬᠠᠢᠯᠠᠨ ᠣᠷᠣᠰᠢᠭᠤᠯᠵᠤ᠂《ᠡᠨᠡ ᠨᠡᠰᠦ》ᠪᠤᠯᠦᠠ《ᠬᠣᠢᠳᠤ ᠨᠠᠰᠤᠨ》ᠲᠤᠬᠠᠶ ᠲᠥᠰᠥᠭᠡᠯᠡᠯ ᠪᠤᠢ ᠪᠣᠯᠣᠭᠰᠠᠨ ᠤᠴᠢᠷ ᠠᠴᠠ ᠲᠤᠰᠬᠠᠢᠯᠠᠭᠰᠠᠨ ᠤᠷᠤᠰᠢᠭᠤᠯᠭ᠎ᠠ ᠶᠢᠨ ᠵᠠᠩ ᠦᠢᠯᠡ ᠪᠤᠢ ᠪᠣᠯᠣᠭᠰᠠᠨ ᠪᠡᠢᠨ᠎ᠡ᠃

ᠣᠳᠣ ᠶᠢᠨ ᠪᠠᠢᠳᠠᠯ ᠢᠶᠠᠷ ᠬᠥᠮᠥᠨ ᠢᠶᠡᠨ ᠲᠤᠰᠬᠠᠢᠯᠠᠨ ᠣᠷᠣᠰᠢᠭᠤᠯᠳᠠᠭ ᠭᠤᠷᠪᠠᠨ ᠲᠥᠷᠥᠯ ᠤᠨ ᠵᠠᠩ ᠦᠢᠯᠡ ᠮᠠᠨ ᠤ ᠮᠣᠩᠭᠣᠯ ᠨᠤᠲᠤᠭ ᠠᠴᠠ ᠢᠯᠡᠷᠡᠵᠦ ᠣᠯᠳᠠᠭᠠᠳ ᠪᠠᠢᠭ᠎ᠠ ᠨᠢ ᠡᠬᠢᠨ ᠦ ᠬᠢᠨᠢ ᠳᠣᠷᠣᠨᠠᠲᠤ ᠠᠢᠮᠠᠭ ᠤᠨ ᠲᠠᠮᠰᠤᠭᠪᠤᠯᠠᠭ  ᠠᠴᠠ ᠣᠯᠳᠠᠭᠰᠠᠨ ᠪᠣᠰᠤᠭ᠎ᠠ ᠬᠡᠯᠪᠡᠷᠢ ᠶᠢᠨ ᠨᠦᠬᠡᠨ ᠳᠤ ᠰᠠᠭᠤᠭ᠎ᠠ ᠪᠠᠢᠳᠠᠯ ᠢᠶᠠᠷ ᠣᠷᠤᠰᠢᠭᠤᠯᠤᠭᠰᠠᠨ ᠡᠷᠲᠡᠨ ‍ᠥ ᠤᠷᠤᠰᠢᠭᠤᠯᠭ᠎ᠠ ᠶᠢᠨ ᠵᠠᠩ ᠦᠢᠯᠡ᠂ ᠨᠥᠭᠥᠭᠡᠬᠢ ᠨᠢ ᠮᠥᠨ ᠳᠣᠷᠣᠨᠠᠲᠤ ᠠᠢᠮᠠᠭ ᠤᠨ ᠪᠤᠯᠠᠭᠠᠨ ᠰᠤᠮᠤ ᠶᠢᠨ ᠨᠣᠷᠪᠤᠯᠢᠨ ᠠᠭᠤᠯᠠ ᠶᠢᠨ ᠪᠤᠯᠠᠰᠢ ᠠᠴᠠ ᠢᠯᠡᠷᠡᠵᠦ ᠣᠯᠳᠠᠭᠰᠠᠨ ᠬᠥᠮᠥᠨ ᠢᠶᠡᠨ ᠲᠡᠨᠢᠭᠡᠷ ᠪᠠᠢᠳᠠᠯ ᠢᠶᠠᠷ ᠲᠠᠯᠪᠢᠵᠤ ᠣᠷᠣᠰᠢᠭᠤᠯᠤᠭᠠᠳ ᠲᠡᠭᠦᠨ ᠤ ᠡᠳ᠋ᠯᠡᠵᠦ ᠬᠡᠷᠡᠭ᠍ᠯᠡᠵᠦ ᠪᠠᠢᠭᠰᠠᠨ ᠡᠳ᠋ ᠵᠦᠢᠯᠡᠰ ᠴᠢᠯᠠᠭᠤᠨ ᠣᠩᠭᠤᠨ᠂ ᠴᠢᠯᠠᠭᠤᠨ ᠵᠠᠭᠤᠯᠭ᠎ᠠ ᠢᠷ ᠲᠠᠢ ᠶᠠᠰᠤᠨ ᠬᠢᠲᠤᠭ᠎ᠠ᠂ ᠬᠦᠵᠦᠭᠦᠨ ᠤ ᠵᠡᠭᠦᠯᠲᠡ ᠭᠣᠶᠤᠯ ᠴᠢᠮᠡᠭ᠍ᠯᠡᠯ ᠳᠠᠭᠠᠯᠳᠤᠭᠤᠯᠤᠨ ᠲᠠᠯᠪᠢᠭ᠌ᠰᠠᠨ ᠡᠷᠲᠡᠨ ᠦ ᠪᠤᠯᠠᠰᠢ᠃

ᠭᠤᠷᠪᠠᠳ᠋ᠡᠬᠢ ᠨᠢ ᠪᠤᠯᠠᠭᠠᠨ ᠠᠢᠮᠠᠭ ᠤᠨ ᠬᠤᠲᠤᠭ ᠦᠡᠳᠦᠷ ᠰᠤᠮᠤ  ᠠᠴᠠ ᠢᠯᠡᠷᠡᠵᠦ ᠣᠯᠳᠠᠭᠰᠠᠨ ᠣᠯᠠᠨ ᠢᠶᠠᠷ ᠨᠢ ᠨᠢᠭᠡ ᠨᠦᠬᠡᠨ ᠳᠤ ᠣᠷᠤᠰᠢᠭᠤᠯᠤᠭᠰᠠᠨ ᠤᠷᠤᠰᠢᠭᠤᠯᠭ᠎ᠠ  ᠶᠢᠨ ᠵᠠᠩ ᠦᠢᠯᠡ᠂ ᠮᠥᠨ ᠲᠡᠳᠡᠨ ᠤ ᠬᠡᠷᠡᠭ᠍ᠯᠡᠵᠦ ᠪᠠᠢᠭᠰᠠᠨ ᠴᠢᠯᠠᠭᠤᠨ ᠵᠠᠭᠤᠯᠭ᠎ᠠ ᠢᠷ ᠲᠠᠢ ᠶᠠᠰᠤᠨ ᠬᠢᠲᠤᠭ᠎ᠠ᠂ ᠴᠢᠯᠠᠭᠤᠨ ᠰᠣᠪᠰᠤᠨ ᠵᠡᠭᠦᠯᠲᠡ ᠵᠡᠷᠭᠡ ᠶᠢ ᠳᠠᠭᠠᠯᠳᠤᠭᠤᠯᠤᠨ ᠲᠠᠯᠪᠢᠭ᠌ᠰᠠᠨ ᠡᠷᠲᠡᠨ ‍ᠥ ᠤᠷᠤᠰᠢᠭᠤᠯᠭ᠎ᠠ ᠶᠢᠨ ᠵᠠᠩ ᠦᠢᠯᠡ ᠵᠡᠷᠭᠡ ᠪᠣᠯᠤᠨ᠎ᠠ᠃ ᠨᠢᠭᠡ ᠨᠢ ᠨᠥᠭᠥᠭᠡ ᠡᠴᠡ ᠪᠠᠨ ᠢᠯᠭᠠᠭ᠎ᠠ ᠲᠠᠢ ᠵᠠᠩ ᠦᠢᠯᠡ ᠦᠢᠯᠡᠳᠴᠦ ᠡᠬᠢᠯᠡᠭ᠍ᠰᠡᠨ ᠨᠢ ᠬᠥᠮᠥᠰ ᠪᠡᠶ᠎ᠠ ᠪᠡᠶᠡᠨ ᠡᠴᠡ ᠪᠡᠨ ᠤᠭᠰᠠᠭ᠎ᠠ ᠭᠠᠷᠪᠠᠯ᠂ ᠰᠤᠶᠦᠯ᠂ ᠵᠠᠩ ᠵᠠᠩᠰᠢᠯ ᠢᠶᠠᠷ ᠢᠶᠠᠨ ᠢᠯᠭᠠᠷᠠᠵᠤ ᠡᠬᠢᠯᠡᠭ᠍ᠰᠡᠨ ᠦᠶ᠎ᠡ ᠭᠡᠵᠦ ᠦᠵᠡᠵᠦ ᠪᠣᠯᠤᠨ᠎ᠠ ᠃

︵D .ᠡᠷᠳᠡᠨᠢᠪᠠᠭᠠᠲᠤᠷ︶

ᠰᠡᠳᠬᠢᠭᠳᠡᠯ ᠦᠯᠡᠳᠡᠭᠡᠬᠦ