《2500 ᠵᠢᠯ ᠦᠨ ᠡᠮᠦᠨᠡᠬᠢ ᠠᠯᠲᠠᠢ ᠶᠢᠨ ᠨᠢᠷᠤᠭᠤᠨ ᠤ ᠰᠤᠶᠦᠯ 》ᠦᠵᠡᠰᠬᠦᠯᠡᠩ ᠢ ᠳᠡᠯᠭᠡᠪᠡ | News.MN

《2500 ᠵᠢᠯ ᠦᠨ ᠡᠮᠦᠨᠡᠬᠢ ᠠᠯᠲᠠᠢ ᠶᠢᠨ ᠨᠢᠷᠤᠭᠤᠨ ᠤ ᠰᠤᠶᠦᠯ 》ᠦᠵᠡᠰᠬᠦᠯᠡᠩ ᠢ ᠳᠡᠯᠭᠡᠪᠡ

ᠪᠠᠶᠠᠨ ᠥᠯᠥᠭᠡᠶ ᠠᠢᠮᠠᠭ ᠤᠨ ᠮᠦᠽᠧᠶ《ᠴᠢᠩᠭᠢᠰ ᠬᠠᠭᠠᠨ》ᠦᠨᠳᠦᠰᠦᠨ ᠤ ᠮᠦᠽᠧᠶ ᠪᠤᠯᠦᠠ ᠰᠢᠨᠵᠢᠯᠡᠬᠦ ᠤᠬᠠᠭᠠᠨ ᠤ  ᠠᠺᠠᠳ᠋ᠸᠮᠢ ᠶᠢᠨ ᠠᠷᠬᠧᠣᠯᠣᠭᠢ ᠶᠢᠨ ᠬᠦᠷᠢᠶᠡᠯᠡᠩ ᠲᠠᠢ ᠬᠠᠮᠲᠤᠷᠠᠨ《2500 ᠵᠢᠯ ᠦᠨ ᠡᠮᠦᠨᠡᠬᠢ ᠠᠯᠲᠠᠢ ᠶᠢᠨ ᠨᠢᠷᠤᠭᠤᠨ ᠤ ᠰᠤᠶᠦᠯ 》ᠰᠡᠳᠦᠪᠲᠤ ᠲᠦᠷ ᠦᠵᠡᠰᠬᠦᠯᠡᠩ ᠢ ᠨᠢᠭᠡ ᠰᠠᠷ᠎ᠠ ᠶᠢᠨ ᠬᠤᠭᠤᠴᠠᠭᠠᠨ ᠳᠤ ᠵᠣᠬᠢᠶᠠᠨ ᠪᠠᠢᠭᠤᠯᠬᠤ ᠪᠡᠷ ᠨᠡᠭᠡᠭᠡᠯᠲᠡ ᠪᠡᠨ ᠬᠢᠯ᠎ᠡ ᠃

ᠲᠤᠰ ᠠᠢᠮᠠᠭ ᠨᠢ ᠮᠣᠩᠭᠣᠯ ᠠᠯᠲᠠᠢ ᠶᠢᠨ ᠪᠦᠰᠡ ᠨᠤᠳᠦᠬ ᠨᠢ ᠡᠷᠲᠡᠨ ᠠᠴᠠ ᠨᠠᠰᠢ ᠬᠥᠮᠦᠨ ᠠᠮᠢᠳᠤᠷᠠᠵᠤ ᠢᠷᠡᠭ᠍ᠰᠡᠨ ᠢ ᠭᠡᠷᠡᠴᠢᠯᠡᠬᠦ ᠠᠷᠬᠧᠣᠯᠣᠭᠢ ᠶᠢᠨ ᠳᠤᠷᠠᠰᠬᠠᠯ ᠢᠶᠠᠷ ᠪᠡᠶᠡᠯᠢᠬ ᠪᠥᠭᠡᠳ ᠡᠷᠲᠡᠨ ‍ᠥ ᠪᠤᠯᠠᠰᠢ ᠣᠷᠣᠰᠢᠭᠤᠯᠭ᠎ᠠ᠂ ᠪᠤᠭᠤᠨ ᠴᠢᠯᠠᠭᠤᠨ ᠬᠥᠰᠢᠶ᠎ᠡ ᠂ ᠬᠥᠮᠦᠨ ᠴᠢᠯᠠᠭᠤ᠂ ᠬᠠᠳᠠᠨ ᠤ ᠵᠢᠷᠤᠭ ᠪᠤᠯᠦᠠ ᠠᠯᠲᠠᠢ ᠶᠢᠨ ᠨᠢᠷᠤᠭᠤᠨ ᠤ ᠴᠡᠭᠠᠠ ᠰᠠᠯᠠᠭ᠎ᠠ᠂《ᠪᠡᠭ᠎ᠠ ᠣᠢᠭᠤᠷ》 ᠤᠨ ᠬᠠᠳᠠᠨ ᠤ ᠵᠢᠷᠤᠭ ᠤᠨ ᠴᠣᠭᠴᠠᠯᠠᠪᠤᠷᠢ ᠨᠢ ᠨᠢᠭᠡᠳᠦᠭ᠍ᠰᠡᠨ ᠦᠨᠳᠦᠰᠦᠨ ᠤ ᠪᠠᠢᠭᠤᠯᠤᠯᠭ᠎ᠠ ᠶᠢᠨ  ᠪᠣᠯᠪᠠᠰᠤᠷᠠᠯ᠂ ᠰᠤᠶᠦᠯ᠂ ᠰᠢᠨᠵᠢᠯᠡᠬᠦ ᠤᠬᠠᠭᠠᠨ ᠤ ‍ ᠪᠠᠢᠭᠤᠯᠤᠯᠭ᠎ᠠ ᠶᠢᠨ ᠳᠡᠯᠡᠬᠡᠢ ᠶᠢᠨ ᠥᠪ ᠲᠦ ᠪᠦᠷᠢᠳᠬᠡᠭ᠍ᠳᠡᠭᠡᠳ ᠪᠤᠶ ᠃

ᠲᠦᠷ ᠦᠵᠡᠰᠬᠦᠯᠡᠩ ᠳᠦ ᠮᠣᠩᠭᠣᠯ ᠤᠨ ᠲᠦᠷᠦᠭᠦᠦ ᠲᠡᠮᠦᠷ ᠦᠨ ᠨᠡᠢᠲᠡ ᠶᠢᠨ ᠲᠣᠭᠠᠯᠠᠯ ᠤᠨ ᠡᠮᠦᠨ᠎ᠡ 6 -2 ᠵᠠᠭᠤᠨ ᠤ ᠦᠶ᠎ᠡ ᠶᠢᠨ ᠨᠡᠭᠦᠳᠡᠯᠴᠢᠳ ᠦᠨ ᠬᠡᠷᠡᠭ᠍ᠯᠡᠭ᠍ᠳᠡᠬᠦᠨ ᠪᠣᠯᠬᠤ ᠠᠯᠲᠠᠨᠴᠥ᠋ᠭᠦᠴᠡ ᠰᠤᠮᠤ ᠶᠢᠨ ᠬᠠᠭᠲᠤ ᠶᠢᠨ ᠬᠠᠳᠠᠨ ᠤ ᠣᠷᠣᠰᠢᠭᠤᠯᠭ᠎ᠠ᠂ ᠴᠡᠩᠭᠡᠯ ᠰᠤᠮᠤ ᠶᠢᠨ ᠪᠡᠭ᠎ᠠ ᠲᠦᠷᠭᠡᠨ ᠤ ᠭᠣᠣᠯ᠂ ᠤᠯᠠᠭᠠᠨ ᠬᠤᠰᠤ ᠰᠤᠮᠤ ᠶᠢᠨ ᠨᠤᠳᠦᠬ᠂ ᠣᠯᠠᠨ ᠭᠦᠦᠷ  ᠤᠨ ᠭᠣᠣᠯ ᠭᠡᠳᠡᠭ ᠭᠠᠵᠠᠷ ᠠᠴᠠ ᠢᠯᠡᠷᠡᠭᠦᠯᠦᠭ᠍ᠰᠡᠨ  ᠫᠠᠽᠢᠷᠢᠺ  ᠤᠨ ᠰᠣᠶᠣᠯ ᠲᠠᠢ ᠬᠤᠯᠪᠦᠬᠳᠡᠬᠤ ᠦᠵᠡᠮᠦᠷᠢ᠂ ᠡᠳ᠋ ᠥᠯᠥᠭ ᠦᠨ ᠵᠦᠢᠯᠡᠰ ᠢ ᠬᠡᠷᠡᠯ ᠵᠢᠷᠤᠭ ᠢᠶᠠᠷ ᠬᠠᠷᠠᠭᠤᠯᠵᠠᠢ ᠃

ᠰᠡᠳᠬᠢᠭᠳᠡᠯ ᠦᠯᠡᠳᠡᠭᠡᠬᠦ