ᠵᠧᠨᠳᠧᠷ ᠤᠨ ᠡᠷᠬᠡ ᠲᠡᠭ᠍ᠰᠢ ᠪᠠᠢᠳᠠᠯ ᠢ ᠬᠠᠩᠭᠠᠬᠤ ᠦᠢᠯᠡ ᠠᠵᠢᠯᠯᠠᠭᠠᠨ ᠤ ᠬᠡᠷᠡᠭ᠍ᠵᠢᠯᠲᠡ᠂ ᠦᠷ᠎ᠡ ᠳ᠋ᠦᠩ ᠦᠨ ᠲᠠᠯ᠎ᠠ ᠪᠠᠷ ᠵᠠᠰᠠᠭ ᠤᠨ ᠭᠠᠵᠠᠷ ᠤᠨ ᠬᠤᠷᠠᠯᠳᠤᠭᠠᠨ ᠳᠤ ᠥᠴᠥᠭᠡᠳᠦᠷ ᠲᠠᠨᠢᠯᠴᠠᠭᠤᠯᠤᠯ᠎ᠠ᠃ ᠳᠡᠯᠡᠬᠡᠢ ᠶᠢᠨ ᠡᠳ᠋ ᠦᠨ ᠵᠠᠰᠠᠭ ᠤᠨ ᠹᠷᠦᠮ ᠠᠴᠠ ᠵᠢᠯ ᠪᠦᠷᠢ ᠲᠣᠭᠠᠴᠢᠵᠤ ᠪᠤᠶ ᠵᠧᠨᠳᠧᠷ ᠤᠨ ᠢᠯᠭᠠᠭ᠎ᠠ ᠲᠠᠢ ᠪᠠᠢᠳᠠᠯ ᠤᠨ ᠦᠵᠡᠭᠦᠯᠦᠯᠲᠡ ᠪᠡᠷ ᠮᠣᠩᠭᠣᠯ ᠤᠯᠤᠰ 2024 ᠣᠨ ᠳᠤ 145 ᠤᠯᠤᠰ ᠠᠴᠠ 85 ᠳ᠋ᠤᠭᠠᠷ ᠲᠤ ᠡᠷᠡᠮᠪᠡᠯᠡᠭ᠍ᠳᠡᠵᠦ ᠪᠠᠢᠭᠰᠠᠨ ᠪᠣᠯ 2025 ᠣᠨ ᠳᠤ 148 ᠤᠯᠤᠰ ᠠᠴᠠ 65 ᠳᠦ ᠡᠷᠡᠮᠪᠡᠯᠡᠭ᠍ᠳᠡᠵᠦ 20 ᠪᠠᠢᠷᠢ ᠪᠠᠷ ᠤᠷᠤᠭᠰᠢᠯᠠᠯᠠ ᠃
ᠲᠤᠰ ᠢᠨᠳ᠋ᠸᠺᠰ ᠦᠨ ᠳᠡᠳ᠋ ᠢᠨᠳ᠋ᠸᠺᠰ ᠪᠣᠯᠬᠤ ᠪᠣᠯᠪᠠᠰᠤᠷᠠᠯ ᠂ ᠡᠷᠡᠭᠦᠯ ᠮᠡᠨᠳᠦ ᠶᠢᠨ ᠦᠵᠡᠭᠦᠯᠦᠯᠲᠡ ᠲᠣᠭᠲᠠᠪᠤᠷᠢᠲᠠᠶ ᠂ ᠠᠬᠢᠴᠠ ᠳᠡᠪᠰᠢᠯ ᠢᠶᠡᠨ ᠬᠠᠳᠠᠭᠠᠯᠠᠵᠤ ᠪᠠᠢᠭ᠎ᠠ ᠪᠣᠯ ᠡᠮᠡᠭ᠍ᠲᠡᠢᠴᠦᠳ ᠤᠨ ᠤᠯᠤᠰ ᠲᠥᠷᠦ ᠶᠢᠨ ᠣᠷᠣᠯᠴᠠᠭ᠎ᠠ 120 ᠳ᠋ᠤᠭᠠᠷ ᠪᠠᠢᠷᠢᠨ ᠠᠴᠠ 99 ᠬᠦᠷᠳᠡᠯ᠎ᠠ᠂ ᠠᠵᠢᠯᠯᠠᠬᠤ ᠬᠦᠴᠦᠨ ᠤ ᠣᠷᠣᠯᠴᠠᠭ᠎ᠠ 43 ᠳ᠋ᠤᠭᠠᠷ ᠪᠠᠢᠷᠢᠨ ᠠᠴᠠ 20 ᠬᠦᠷᠳᠡᠯ᠎ᠠ ᠠᠬᠢᠵᠤ᠂《ᠠᠬᠢᠴᠠ ᠳᠡᠪᠰᠢᠯᠲᠡ ᠲᠠᠢ》ᠬᠡᠮᠡᠨ ᠦᠨᠡᠯᠡᠭ᠍ᠳᠡᠪᠡ᠃