ᠲᠠᠮᠢᠷ ᠤᠨ ᠭᠣᠣᠯ ᠠᠴᠠ 52 см ᠤᠷᠲᠤ ᠵᠢᠪᠡᠭᠡ ᠵᠢᠭᠠᠰᠤ ᠪᠠᠷᠢᠵᠠᠢ | News.MN

ᠲᠠᠮᠢᠷ ᠤᠨ ᠭᠣᠣᠯ ᠠᠴᠠ 52 см ᠤᠷᠲᠤ ᠵᠢᠪᠡᠭᠡ ᠵᠢᠭᠠᠰᠤ ᠪᠠᠷᠢᠵᠠᠢ

ᠮᠣᠩᠭᠣᠯ ᠤᠨ ᠵᠢᠭᠠᠰᠤᠴᠢᠯᠠᠯ ᠤᠨ ᠰᠫᠣᠷᠲ ᠤᠨ ᠬᠣᠯᠪᠤᠭᠠᠨ ᠤ ᠵᠣᠬᠢᠶᠠᠨ ᠪᠠᠢᠭᠤᠯᠳᠠᠭ ᠂ ᠡᠷᠭᠢ ᠳᠡᠭᠡᠷ᠎ᠡ ᠠᠴᠠ ᠬᠢᠮᠡᠯ ᠥᠭ᠍ᠶᠥᠭᠡ ᠪᠠᠷ ᠮᠢᠬᠠᠴᠢᠨ ᠵᠢᠭᠠᠰᠤ ᠪᠡᠷᠢᠬᠤ ᠤᠯᠤᠰ ᠤᠨ ᠠᠪᠤᠷᠭᠤ ᠰᠢᠯᠭᠠᠷᠠᠭᠤᠯᠬᠤ ᠲᠡᠮᠡᠴᠡᠭᠡᠨ ᠡᠨᠡ ᠰᠠᠷ᠎ᠠ ᠶᠢᠨ 21-22 ‍ᠣ ᠡᠳᠦᠷ ᠤᠳ ᠲᠤ ᠠᠷᠤᠬᠠᠩᠭᠠᠢ ᠠᠢᠮᠠᠭ ᠤᠨ ᠲᠠᠮᠢᠷ ᠤᠨ ᠭᠣᠣᠯ ᠤᠨ ᠡᠷᠭᠢ ᠳᠡᠭᠡᠷ᠎ᠡ ᠪᠣᠯᠣᠯ᠎ᠠ ᠃

ᠲᠡᠮᠡᠴᠡᠭᠡᠨ ᠳᠤ ᠨᠡᠢᠲᠡ 12 ᠪᠠᠭ ᠪᠦᠷᠢᠳᠬᠡᠭᠦᠯᠦᠭ᠍ᠰᠡᠨ ᠡᠴᠡ 11 ᠪᠠᠭ ᠤᠨ ᠲᠠᠮᠢᠷᠴᠢᠳ ᠬᠣᠶᠠᠷ ᠡᠳᠦᠷ ᠦᠨ ᠲᠤᠷᠰᠢ ᠥᠷᠢᠰᠦᠯᠳᠦᠭᠡᠳ᠂ ᠪᠠᠭ ᠤᠨ ᠲᠥᠷᠥᠯ ᠳᠤ《 ᠨᠤᠮᠠᠳᠠᠰ – 1》ᠪᠠᠭ ᠂《ᠨᠠᠢᠵᠠ ᠨᠤᠭᠤᠳ 》 ᠺᠯᠦ᠋ᠪ ᠂ 《ᠨᠤᠮᠠᠳᠠᠰ – 2》ᠪᠠᠭ ᠡᠬᠢᠨ ᠤ ᠭᠤᠷᠪᠠᠨ ᠪᠠᠢᠷᠢ ᠶᠢ ᠡᠵᠡᠯᠡᠵᠡᠢ᠃ ᠢᠷᠡᠬᠦ ᠣᠨ ᠳᠤ ᠬᠢᠮᠡᠯ ᠥᠭ᠍ᠶᠥᠭᠡ ᠪᠠᠷ ᠮᠢᠬᠠᠴᠢᠨ ᠵᠢᠭᠠᠰᠤ ᠪᠡᠷᠢᠬᠤ ᠳᠡᠯᠡᠬᠡᠢ ᠶᠢᠨ ᠠᠪᠤᠷᠭᠤ ᠰᠢᠯᠭᠠᠷᠠᠭᠤᠯᠬᠤ ᠲᠡᠮᠡᠴᠡᠭᠡᠨ ᠮᠠᠨ ᠤ ᠤᠯᠤᠰ ᠲᠤ ᠪᠣᠯᠤᠨ᠎ᠠ ᠃

ᠰᠡᠳᠬᠢᠭᠳᠡᠯ ᠦᠯᠡᠳᠡᠭᠡᠬᠦ