1957 ᠣᠨ ᠤ 12 ᠰᠠᠷ᠎ᠠ ᠶᠢᠨ ᠳᠥᠷᠪᠡᠨ ᠳᠦ ᠠᠯᠲᠠᠢ ᠶᠢᠨ ᠨᠢᠷᠤᠭᠤᠨ ᠤ ᠶᠡᠭᠡ ᠪᠣᠭᠳᠠ ᠳᠤ ᠳᠡᠯᠡᠬᠡᠢ ᠶᠢᠨ ᠴᠢᠬᠢ ᠶᠢ ᠳᠡᠯᠳᠡᠢᠯᠭᠡᠭ᠍ᠰᠡᠨ ᠬᠦᠴᠦᠲᠡᠢ ᠭᠠᠵᠠᠷ ᠬᠥᠳᠡᠯᠦᠯᠲᠡ ᠪᠣᠯᠣᠭᠰᠠᠨ᠃ ᠬᠦᠴᠦᠲᠡᠢ ᠳᠡᠯᠪᠡᠷᠡᠯᠲᠡ ᠠᠳᠡᠯᠢ ᠴᠢᠮᠡᠭᠡ ᠭᠠᠷᠴᠤ᠂ ᠲᠩᠷᠢ ᠳᠤ ᠲᠤᠯᠤᠭᠰᠠᠨ ᠰᠢᠷᠤᠶ ᠲᠣᠭᠤᠰᠤ 230 ᠺᠢᠯᠣᠮᠧᠲᠷ ᠦᠷᠭᠦᠯᠵᠢᠯᠡᠭ᠍ᠰᠡᠨ ᠠᠭᠤᠯᠠ ᠨᠢᠷᠤᠭᠤ ᠶᠢ ᠪᠦᠷᠬᠦᠵᠦ᠂ 100 ᠮᠧᠲᠷ ᠡᠴᠡ ᠴᠠᠭᠠᠰᠢ ᠶᠠᠭᠤᠮ᠎ᠠ ᠦᠵᠡᠭ᠍ᠳᠡᠬᠦ ᠪᠡᠨ ᠪᠠᠢᠵᠤ᠂ ᠬᠣᠶᠠᠷ ᠬᠣᠨᠣᠭ ᠤᠨ ᠳᠠᠷᠠᠭ᠎ᠠ ᠯᠡ ᠠᠭᠠᠷ ᠴᠡᠪᠡᠷᠰᠢᠵᠡᠢ᠃
ᠭᠠᠵᠠᠷ ᠳᠣᠣᠷ᠎ᠠ 30 ᠺᠢᠯᠣᠮᠧᠲᠷ ᠪᠠᠢᠭᠰᠠᠨ ᠭᠣᠯᠣᠮᠲᠠ ᠳᠤ 11-12 ᠳᠡᠰ︵ ᠪᠠᠯᠯ︶ᠬᠦᠷᠦᠭ᠍ᠰᠡᠨ ᠭᠡᠳᠡᠭ᠃ 12 ᠪᠣᠯ ᠲᠡᠭᠡᠳᠦ ᠳᠡᠰ︵ ᠵᠥᠪᠯᠡᠯᠲᠦ ᠶᠢᠨ ᠦᠶ᠎ᠡ ᠶᠢᠨ ᠪᠠᠷᠢᠮᠵᠢᠶ᠎ᠠ︶᠃ 80 ᠺᠢᠯᠣᠮᠧᠲᠷ ᠦᠷᠭᠦᠯᠵᠢᠯᠡᠭ᠍ᠰᠡᠨ ᠠᠭᠤᠯᠠ ᠨᠢᠷᠤᠭᠤ 8.5 ᠮᠧᠲᠷ ᠡᠷᠭᠦᠭ᠍ᠳᠡᠭ᠍ᠰᠡᠨ ᠪᠠᠢᠳᠠᠭ᠃ ᠡᠨᠡ ᠨᠢ ᠰᠢᠨᠵᠢᠯᠡᠬᠦ ᠤᠬᠠᠭᠠᠨ ᠳᠤ ᠪᠠᠲᠤᠲᠠᠶ ᠪᠦᠷᠢᠳᠬᠡᠭ᠍ᠳᠡᠭ᠍ᠰᠡᠨ ᠲᠡᠭᠡᠳᠦ ᠭᠡᠮᠵᠢᠶ᠎ᠠ᠃ 10 ᠮᠧᠲᠷ ᠦᠡᠳᠦᠷ ᠴᠢᠯᠠᠭᠤᠨ ᠳᠠᠪᠠᠯᠭ᠎ᠠ ᠮᠡᠲᠦ ᠪᠦᠲᠦᠴᠡ ᠲᠤᠷᠤᠮᠬᠠᠨ ᠭᠡᠳᠡᠭ ᠭᠠᠵᠠᠷ ᠡᠭᠦᠰᠴᠦ᠂ ᠪᠠᠬᠠᠷ ᠠᠭᠤᠯᠠ ᠶᠢᠨ ᠣᠷᠣᠢ ᠬᠡᠰᠡᠭ ᠨᠤᠷᠠᠵᠤ ᠤᠨᠠᠬᠤ ᠳᠤ ᠪᠠᠨ ᠬᠣᠶᠠᠷ ᠭᠣᠣᠯ ᠤᠨ ᠬᠥᠨᠳᠡᠢ ᠶᠢ ᠬᠠᠭᠠᠭᠰᠠᠨ ᠢᠶᠠᠷ ᠣᠭ᠍ᠶᠤ᠂ ᠨᠣᠮᠢᠨ ᠭᠡᠬᠦ ᠨᠠᠭᠤᠷ ᠪᠣᠢ ᠪᠣᠯᠵᠠᠢ᠃
ᠡᠢᠮᠦ ᠬᠦᠴᠦᠲᠡᠢ ᠭᠠᠵᠠᠷ ᠬᠥᠳᠡᠯᠦᠯᠲᠡ ᠬᠠᠭᠤᠷᠠᠢ ᠭᠠᠵᠠᠷ ᠬᠤᠪᠦᠷ ᠲᠣᠬᠢᠶᠠᠯᠳᠤᠨ᠎ᠠ᠃ ᠭᠠᠵᠠᠷ 300 ᠺᠢᠯᠣᠮᠧᠲᠷ ᠤᠷᠲᠤ ᠬᠠᠭᠠᠷᠠᠵᠤ᠂ ᠬᠠᠭᠠᠷᠬᠠᠢ ᠶᠢᠨ ᠬᠣᠶᠠᠷ ᠲᠡᠯ᠎ᠠ ᠳᠡᠭᠡᠭ᠍ᠰᠢ ᠳᠣᠭᠣᠭ᠌ᠰᠢ ᠶᠡᠭᠡ ᠵᠥᠷᠢᠵᠦ᠂ ᠭᠠᠷᠤᠭᠰᠠᠨ ᠭᠤᠤ ᠭᠠᠩᠭ᠎ᠠ ᠳᠤ ᠣᠯᠠᠨ ᠮᠠᠯ ᠤᠨᠠᠵᠤ ᠦᠬᠦᠵᠡᠢ᠃ ᠡᠷᠭᠦᠭ᠍ᠳᠡᠭ᠍ᠰᠡᠨ ᠬᠡᠰᠡᠭ ᠡᠷᠭᠦᠭ᠍ᠳᠡᠭᠡ ᠦᠭᠡᠢ ᠬᠡᠰᠡᠭ ᠢᠶᠡᠨ ᠳᠠᠪᠠᠵᠤ ᠨᠥᠮᠥᠷᠦᠨ ᠲᠤᠬᠳᠡᠬᠤ᠂ ᠭᠠᠵᠠᠷ ᠬᠤᠢᠰᠢ ᠰᠢᠯᠵᠢᠭ᠍ᠰᠡᠨ᠂ ᠠᠲᠤᠷᠢᠭ᠌ᠰᠠᠨ᠂ ᠣᠪᠣᠢᠭᠰᠠᠨ ᠭᠡᠳ ᠰᠣᠳᠤᠨ ᠲᠣᠭᠲᠠᠴᠠ ᠪᠣᠢ ᠪᠣᠯᠵᠠᠢ᠃
ᠡᠬᠢᠯᠡᠭᠡᠳ 5 ᠳᠡᠰ ᠭᠠᠵᠠᠷ ᠬᠥᠳᠡᠯᠬᠦ ᠳᠤ ᠬᠥᠮᠥᠰ ᠪᠠᠷᠢᠯᠭ᠎ᠠ ᠪᠠᠢᠰᠢᠩ ᠠᠴᠠ ᠭᠠᠷᠤᠭᠰᠠᠨ᠂ ᠳᠠᠬᠢᠨ ᠬᠥᠳᠡᠯᠬᠦ ᠳᠤ ᠪᠠᠷᠢᠯᠭ᠎ᠠ ᠪᠠᠢᠰᠢᠩ ᠤᠳ ᠨᠤᠷᠠᠭᠰᠠᠨ᠃ ᠲᠡᠷᠢᠶ᠎ᠠ ᠰᠢᠭ᠍ᠰᠢᠬᠦ ᠮᠡᠲᠦ ᠦᠩᠬᠦᠷᠢᠳᠴᠦ᠂ ᠬᠥᠮᠦᠨ ᠮᠠᠯ ᠦᠭᠡᠢ ᠬᠥᠯ ᠳᠡᠭᠡᠷ᠎ᠡ ᠪᠠᠨ ᠲᠣᠭᠲᠠᠵᠤ ᠴᠢᠳᠠᠬᠤ ᠦᠭᠡᠢ ᠪᠠᠢᠯ᠎ᠠ ᠭᠡᠵᠦ ᠬᠥᠮᠥᠰ ᠳᠤᠷᠠᠰᠤᠭᠰᠠᠨ ᠪᠠᠢᠳᠠᠭ᠃ ᠠᠭᠤᠯᠠ ᠶᠢᠨ ᠴᠢᠯᠠᠭᠤ ᠪᠡᠯ ᠤᠷᠤᠭᠤ ᠪᠠᠨ ᠶᠡᠬᠡ ᠪᠠᠷ ᠥᠩᠬᠥᠷᠢᠭ᠍ᠰᠡᠨ ᠪᠥᠭᠡᠳ ᠬᠣᠯᠠ ᠠᠴᠠ ᠬᠠᠷᠠᠬᠤ ᠳᠤ ᠣᠯᠠᠨ ᠰᠡᠷᠯᠦᠬ ᠲᠣᠭᠤᠰᠤ ᠬᠠᠳᠠᠭᠠᠨ ᠪᠠᠭᠤᠵᠤ ᠪᠠᠢᠬᠤ ᠰᠢᠭ᠋ ᠬᠠᠷᠠᠭᠳᠠᠭᠰᠠᠨ ᠭᠡᠨ᠎ᠡ᠃ ᠭᠠᠵᠠᠷ ᠠᠴᠠ ᠤᠰᠤ ᠣᠷᠭᠢᠯᠵᠤ᠂ 30 ᠭᠠᠷᠦᠢ ᠺᠢᠯᠣᠮᠧᠲᠷ ᠤᠷᠲᠤ ᠤᠷᠤᠰᠤᠭᠰᠠᠨ ᠭᠣᠣᠯ ᠭᠠᠷᠤᠭᠠᠳ᠂ ᠳᠥᠷᠪᠡᠨ ᠵᠢᠯ ᠦᠨ ᠳᠠᠷᠠᠭ᠎ᠠ ᠲᠠᠲᠠᠷᠠᠪᠠ᠃
700 ᠺᠢᠯᠣᠮᠧᠲᠷ ᠵᠠᠢᠲᠠᠢ ᠤᠯᠠᠭᠠᠨᠪᠠᠭᠠᠲᠤᠷ ᠲᠤ 5-6 ᠳᠡᠰ ᠳᠣᠷᠭᠢᠵᠤ᠂ ᠬᠠᠨ᠎ᠠ ᠴᠤᠭᠤᠷᠠᠬᠤ᠂ ᠰᠢᠪᠠᠷ ᠴᠣᠬᠤᠢ ᠤᠨᠠᠬᠤ᠂ ᠪᠠᠷᠢᠯᠭ᠎ᠠ ᠰᠠᠭᠤᠬᠤ ᠵᠡᠷᠭᠡ ᠭᠡᠮᠲᠦᠯ ᠭᠠᠷᠤᠭᠰᠠᠨ᠃ ᠭᠠᠳᠠᠭᠠᠳᠤ ᠬᠠᠷᠢᠯᠴᠠᠭᠠᠨ ᠤ ᠶᠠᠮᠤᠨ ᠳᠤ ᠴᠢᠬᠤᠯᠠ ᠬᠤᠷᠠᠯ ᠪᠣᠯᠵᠤ ᠪᠠᠢᠬᠤ ᠳᠤ ᠳᠡᠭᠡᠪᠤᠷ ᠠᠴᠠ ᠰᠢᠷᠤᠶ ᠭᠣᠭᠣᠵᠢᠭ᠌ᠰᠠᠨ᠂ ᠬᠥᠳᠡᠭᠡ ᠨᠢᠭᠡ ᠬᠤᠷᠠᠯ ᠪᠣᠯᠵᠤ ᠪᠠᠢᠲᠠᠯ᠎ᠠ ᠰᠦᠬᠡ ᠵᠠᠩᠵᠤᠨ ᠤ ᠪᠠᠷᠢᠮᠠᠯ ᠲᠣᠯᠤᠭᠠᠢ ᠰᠡᠭ᠍ᠰᠦᠷᠦᠭ᠍ᠰᠡᠨ ᠴᠤ ᠭᠡᠵᠦ ᠬᠥᠮᠥᠰ ᠳᠤᠷᠠᠰᠳᠠᠭ᠃ 1000᠂1300 ᠺᠢᠯᠣᠮᠧᠲᠷ ᠵᠠᠢᠲᠠᠢ ᠤᠯᠠᠭᠠᠨ ᠦᠳᠠ᠂ ᠴᠢᠲ᠋ᠠ ᠳᠤ 4 ᠳᠡᠰ ᠦᠨ ᠭᠠᠵᠠᠷ ᠳᠣᠷᠭᠢᠭ᠌ᠰᠠᠨ᠃ ᠡᠷᠬᠦᠦ ᠳᠦ ᠣᠯᠠᠨ ᠪᠠᠷᠢᠯᠭ᠎ᠠ ᠪᠠᠢᠭᠤᠯᠤᠮᠵᠢ ᠳᠤ ᠪᠡᠭ᠎ᠠ ᠵᠡᠷᠭᠡ ᠭᠡᠮᠲᠦᠯ ᠤᠴᠠᠷᠠᠵᠤ᠂ ᠰᠣᠨᠢᠷᠬᠠᠯᠲᠠᠢ ᠨᠢ ᠡᠷᠬᠦᠦ ᠶᠢᠨ ᠤᠰᠤᠨ ᠴᠠᠬᠢᠯᠭᠠᠨ ᠰᠲ᠋ᠠᠨᠼ ᠤᠨ ᠰᠢᠷᠤᠢ ᠶᠢᠨ ᠳᠠᠯᠠᠩ ᠨᠢᠭ᠌ᠲᠠᠷᠠᠵᠤ᠂ ᠤᠰᠤ ᠰᠢᠭᠦᠷᠬᠦ ᠮᠠᠭᠠᠳᠯᠠᠯ ᠢ ᠦᠭᠡᠢ ᠪᠣᠯᠭᠠᠭᠰᠠᠨ ᠭᠡᠨ᠎ᠡ᠃ ᠡᠨᠡ ᠨᠢ ᠭᠠᠵᠠᠷ ᠬᠥᠳᠡᠯᠦᠯᠲᠡ ᠪᠠᠷᠢᠯᠭ᠎ᠠ ᠪᠠᠢᠭᠤᠯᠤᠮᠵᠢ ᠳᠦ ᠰᠠᠢᠨ ᠨᠦᠯᠤᠬᠡ ᠦᠵᠡᠭᠦᠯᠦᠭ᠍ᠰᠡᠨ ᠮᠠᠰᠢ ᠬᠤᠪᠦᠷ ᠲᠣᠬᠢᠶᠠᠯᠳᠤᠯ ᠶᠤᠮ ᠪᠠᠢᠨ᠎ᠠ᠃
ᠭᠠᠵᠠᠷ ᠬᠥᠳᠡᠯᠦᠯᠲᠡ ᠳᠦ 13 ᠬᠥᠮᠦᠨ ᠠᠮᠢ ᠨᠠᠰᠤ ᠪᠠᠨ ᠠᠯᠳᠠᠵᠤ᠂ 1000 ᠭᠠᠷᠦᠢ ᠮᠠᠯ ᠬᠠᠳᠠ ᠴᠢᠯᠠᠭᠤᠨ ᠳᠤ ᠴᠣᠬᠢᠭ᠌ᠳᠠᠨ ᠦᠬᠦᠭ᠍ᠰᠡᠨ ᠪᠠᠢᠨ᠎ᠠ᠃ ᠬᠣᠶᠠᠷ ᠠᠢᠮᠠᠭ ᠤᠨ ᠳᠥᠷᠪᠡᠨ ᠰᠤᠮᠤ ᠶᠢᠨ ᠲᠥᠪ ᠭᠠᠵᠠᠷ ᠤᠨ ᠬᠥᠷᠥᠰᠥ ᠡᠴᠡ ᠠᠷᠴᠢᠭ᠌ᠳᠠᠵᠤ᠂ 10 ᠰᠠᠶ᠎ᠠ︵ᠲᠡᠷᠡ ᠦᠶ᠎ᠡ ᠶᠢᠨ ᠦᠨ᠎ᠡ ᠬᠠᠩᠰᠢ ᠪᠠᠷ ᠪᠣᠯ ᠶᠡᠬᠡ ᠮᠥᠩᠭᠥ︶ᠲᠥᠭᠥᠷᠢᠭ ᠦᠨ ᠬᠣᠬᠢᠷᠠᠯ ᠤᠴᠠᠷᠠᠭᠰᠠᠨ᠃ ᠬᠣᠪᠣᠷᠬᠠᠨ ᠬᠦᠴᠦᠲᠡᠢ ᠭᠠᠵᠠᠷ ᠬᠥᠳᠡᠯᠦᠯᠲᠡ ᠬᠥᠮᠦᠨ ᠠᠮᠠ ᠰᠡᠢᠷᠡᠭ ᠨᠤᠲᠤᠭ ᠲᠤ ᠪᠣᠯᠣᠭᠰᠠᠨ ᠢᠶᠠᠷ ᠬᠠᠷᠢᠴᠠᠩᠭᠤᠢ ᠪᠡᠭ᠎ᠠ ᠱᠤᠤᠭᠢᠶᠠᠨ ᠳᠡᠭ᠍ᠳᠡᠭᠡᠭ᠍ᠰᠡᠨ ᠴᠤ ᠰᠢᠨᠵᠢᠯᠡᠬᠦ ᠤᠬᠠᠭᠠᠨ ᠳᠤ ᠲᠣᠳᠣ ᠶᠢᠨ ᠲᠣᠳᠣ ᠪᠠᠷ ᠲᠡᠮᠳᠡᠭ᠍ᠯᠡᠭ᠍ᠳᠡᠨ ᠦᠯᠡᠳᠡᠵᠡᠢ᠃