ᠮᠣᠩᠭᠣᠯ ᠤᠨ ᠲᠠᠮᠢᠷᠴᠢᠳ ᠬᠢᠲᠤᠭ᠎ᠠ ᠰᠢᠳᠡᠯᠲᠡ ᠶᠢᠨ ᠲᠡᠮᠡᠴᠡᠭᠡᠨ ᠡᠴᠡ 13 ᠮᠧᠳᠠᠯ ᠬᠦᠷᠲᠡᠯ᠎ᠡ | News.MN

ᠮᠣᠩᠭᠣᠯ ᠤᠨ ᠲᠠᠮᠢᠷᠴᠢᠳ ᠬᠢᠲᠤᠭ᠎ᠠ ᠰᠢᠳᠡᠯᠲᠡ ᠶᠢᠨ ᠲᠡᠮᠡᠴᠡᠭᠡᠨ ᠡᠴᠡ 13 ᠮᠧᠳᠠᠯ ᠬᠦᠷᠲᠡᠯ᠎ᠡ

ᠣᠯᠠᠨ ᠤᠯᠤᠰ ᠤᠨ ᠰᠫᠣᠷᠲ ᠤᠨ ᠬᠢᠲᠤᠭ᠎ᠠ ᠰᠢᠳᠡᠯᠲᠡ ᠶᠢᠨ ᠲᠡᠮᠡᠴᠡᠭᠡᠨ ᠣᠷᠣᠰ ᠤᠨ ᠤᠯᠠᠭᠠᠨ ᠦᠳᠡ ᠬᠣᠲᠠ ᠳᠤ ᠡᠨᠡ ᠰᠠᠷ᠎ᠠ ᠶᠢᠨ 19-22 ‍ᠣ ᠡᠳᠦᠷ ᠤᠳ ᠲᠤ ᠵᠣᠬᠢᠶᠠᠨ ᠪᠠᠢᠭᠤᠯᠤᠭᠳᠠᠯ᠎ᠠ᠃ ᠬᠢᠲᠤᠭ᠎ᠠ ᠰᠢᠳᠡᠯᠲᠡ ᠶᠢᠨ ᠲᠡᠮᠡᠴᠡᠭᠡᠨ ᠳᠤ ᠠᠽᠢᠶ᠎ᠠ ᠶᠢᠨ 16 ᠣᠷᠣᠨ ᠤ 100 ᠭᠠᠷᠦᠢ ᠲᠠᠮᠢᠷᠴᠢᠳ ᠭᠤᠷᠪᠠᠨ ᠲᠥᠷᠥᠯ ᠢᠶᠡᠷ 13 ᠵᠠᠢ ᠳᠤ ᠬᠤᠷᠳᠤ ᠬᠦᠴᠦ ᠂ ᠤᠷ᠎ᠠ ᠴᠢᠳᠠᠪᠤᠷᠢ ᠂ ᠠᠪᠢᠶᠠᠰ ᠪᠢᠯᠢᠭ ᠢᠶᠡᠨ ᠰᠣᠷᠢᠵᠠᠢ ᠃

ᠡᠭᠦᠨ ᠳᠦ ᠮᠣᠩᠭᠣᠯ ᠤᠯᠤᠰ ᠢᠶᠠᠨ ᠲᠥᠯᠥᠭᠡᠯᠡᠵᠦ 26 ᠪᠠᠭ ᠲᠠᠮᠢᠷᠴᠢᠨ  ᠣᠷᠣᠯᠴᠠᠭᠠᠳ ᠭᠤᠷᠪᠠᠨ ᠠᠯᠳᠠ᠂ ᠭᠤᠷᠪᠠᠨ ᠮᠥᠩᠭᠥ᠂ ᠳᠣᠯᠤᠭᠠᠨ ᠬᠦᠷᠡᠯ ᠮᠸᠳᠠᠯ ᠲᠠᠢ ᠬᠦᠷᠲᠡᠵᠦ ᠨᠡᠢᠲᠡ 13  ᠮᠧᠳᠠᠯ ᠤᠨ ᠡᠵᠡᠨ ᠪᠣᠯᠣᠯ᠎ᠠ᠃ ᠬᠢᠲᠤᠭ᠎ᠠ ᠰᠢᠳᠡᠯᠲᠡ ᠶᠢᠨ ᠲᠡᠮᠡᠴᠡᠭᠡᠨ ᠤ ᠨᠢᠭᠡᠳᠦᠭ᠍ᠰᠡᠨ ᠳ᠋ᠦᠩ ᠢᠶᠡᠷ ᠣᠷᠣᠰ ᠂ ᠮᠣᠩᠭᠣᠯ ᠂ ᠬᠠᠰᠠᠭᠰᠲ᠋ᠠᠨ ᠤᠯᠤᠰ ᠤᠳ ᠲᠡᠷᠢᠭᠦᠯᠡᠵᠡᠢ ᠃

ᠰᠡᠳᠬᠢᠭᠳᠡᠯ ᠦᠯᠡᠳᠡᠭᠡᠬᠦ