《 ᠶᠡᠭᠡ ᠬᠤᠷᠠᠯᠳᠠᠢ 》 ᠴᠣᠭᠴᠠᠯᠠᠪᠤᠷᠢ ᠶᠢ ᠨᠡᠭᠡᠭᠡᠯ᠎ᠡ | News.MN

《 ᠶᠡᠭᠡ ᠬᠤᠷᠠᠯᠳᠠᠢ 》 ᠴᠣᠭᠴᠠᠯᠠᠪᠤᠷᠢ ᠶᠢ ᠨᠡᠭᠡᠭᠡᠯ᠎ᠡ

ᠬᠡᠨᠲᠡᠢ ᠠᠢᠮᠠᠭ ᠤᠨ ᠪᠢᠨᠳᠡᠷ ᠰᠤᠮᠤᠨ ᠳᠤ ᠪᠠᠢᠷᠢᠯᠠᠳᠠᠭ ᠶᠢᠰᠤᠨ ᠬᠥᠯᠲᠦ ᠴᠡᠭᠠᠠ ᠲᠤᠭ ᠤᠨ ᠪᠡᠯᠭᠡᠳᠡᠯᠲᠦ ᠮᠣᠩᠭᠣᠯ ᠲᠥᠷᠦ ᠶᠢᠨ《ᠶᠡᠭᠡ ᠬᠤᠷᠠᠯᠳᠠᠢ》ᠣᠷᠳᠤ ᠥᠷᠭᠥᠭᠡ ᠶᠢ ᠡᠨᠡ ᠰᠠᠷ᠎ᠠ ᠶᠢᠨ 22  ᠳᠤ ᠨᠡᠭᠡᠭᠡᠪᠡ᠃ ᠡᠨᠡ ᠬᠦ ᠭᠠᠵᠠᠷ ᠨᠢ ᠲᠡᠮᠦᠵᠢᠨ ᠴᠢᠩᠭᠢᠰ ᠬᠠᠭᠠᠨ ᠴᠣᠯᠠᠨ ᠳᠤ ᠡᠷᠭᠦᠮᠵᠢᠯᠡᠭ᠍ᠳᠡᠭ᠍ᠰᠡᠨ᠂ ᠠᠩᠬᠠᠨ ᠤ ᠶᠡᠭᠡ ᠬᠤᠷᠠᠯᠳᠠᠢ ᠬᠤᠷᠠᠵᠤ᠂ ᠶᠡᠭᠡ ᠮᠣᠩᠭᠣᠯ ᠤᠯᠤᠰ ᠤᠨ ᠭᠠᠯ ᠭᠣᠯᠣᠮᠲᠠ ᠶᠢ ᠪᠠᠳᠠᠷᠠᠭᠠᠭᠰᠠᠨ ᠲᠡᠦᠬᠡᠨ ᠳᠤᠷᠠᠰᠬᠠᠯᠲᠤ ᠭᠠᠵᠠᠷ ᠶᠤᠮ᠃

ᠤᠭ ᠴᠣᠭᠴᠠᠯᠠᠪᠤᠷᠢ  ᠳᠤ ᠴᠢᠩᠭᠢᠰ ᠬᠠᠭᠠᠨ ᠤ ᠪᠠᠢᠭᠤᠯᠤᠭᠰᠠᠨ ᠲᠥᠷᠦ ᠶᠢᠨ ᠰᠦᠯᠳᠡ ᠰᠢᠳᠦᠭᠡᠠ ᠪᠣᠯᠬᠤ ᠶᠢᠰᠤᠨ ᠬᠥᠯᠲᠦ ᠴᠡᠭᠠᠠ ᠲᠤᠭ ᠂ ᠶᠡᠭᠡ ᠬᠠᠭᠠᠨ ᠤ ᠤᠷᠤᠭ ᠤᠨ ᠨᠠᠷᠠᠨ ᠲᠠᠮᠠᠭ᠎ᠠ ᠂ ᠭᠦᠶᠦᠭ ᠬᠠᠭᠠᠨ ᠤ ᠲᠠᠮᠠᠭᠠᠨ ᠤ ᠳᠠᠷᠤᠳᠠᠰᠤ ᠂ ᠶᠡᠭᠡ ᠬᠤᠷᠠᠯᠳᠠᠢ ᠬᠤᠷᠠᠯᠳᠤᠬᠤ ᠦᠶ᠎ᠡ ᠶᠢᠨ ᠬᠠᠭᠠᠳ ᠂ ᠢᠵᠠᠭᠤᠷᠲᠠᠳ ᠤᠨ ᠣᠷᠳᠣᠨ ᠳᠤ ᠪᠠᠢᠷᠢᠯᠠᠨ ᠰᠠᠭᠤᠬᠤ ᠳᠢᠭ ᠶᠣᠰᠣ ᠶᠢ ᠬᠠᠷᠠᠭᠤᠯᠤᠭᠰᠠᠨ ᠵᠣᠬᠢᠶᠠᠮᠵᠢ ᠪᠦᠬᠦᠢ ᠢᠰᠡᠷᠢ ᠰᠠᠨᠳᠠᠯᠢ ᠂ ᠲᠤᠭ ᠬᠢᠭᠢᠷᠢ ᠂ ᠬᠦᠨᠳᠦᠳᠬᠡᠯ ᠦᠨ ᠣᠷᠣᠨ ᠵᠠᠢ ᠶᠢ ᠪᠤᠢ ᠪᠣᠯᠭᠠᠵᠠᠢ᠃ ᠮᠥᠨ ᠬᠠᠭᠠᠯᠭ᠎ᠠ ᠪᠦᠷᠢ ᠶᠢᠨ ᠳᠣᠲᠣᠷ᠎ᠠ 《 ᠮᠣᠩᠭᠣᠯ ᠤᠨ ᠨᠢᠭᠤᠴᠠ  ᠲᠣᠪᠴᠢᠶᠠᠨ》᠂ 《ᠰᠢᠷ᠎ᠠ ᠲᠤᠭᠤᠵᠢ 》᠂ 《ᠠᠰᠠᠷᠠᠭ᠌ᠴᠢ ᠨᠡᠷᠡᠲᠦ ᠶᠢᠨ ᠲᠡᠦᠬᠡ》 ᠵᠡᠷᠭᠡ ᠲᠡᠦᠬᠡᠨ ᠡᠬᠢ ᠰᠤᠷᠪᠤᠯᠵᠢ ᠶᠢᠨ ᠡᠰᠢᠯᠡᠯ ᠢ ᠮᠣᠩᠭᠣᠯ ᠪᠢᠴᠢᠭ ᠢᠶᠡᠷ ᠪᠢᠴᠢᠵᠦ ᠂ ᠴᠣᠭᠴᠠᠯᠠᠪᠤᠷᠢᠲᠤ ᠨᠢᠭᠡ ᠴᠤ ᠬᠠᠳᠠᠭᠠᠰᠤ ᠣᠷᠣᠭᠤᠯᠤᠯ ᠦᠭᠡᠢ ᠤᠭᠯᠠᠭᠤᠷᠭᠠᠳᠠᠵᠤ ᠪᠦᠲᠦᠭᠡᠭ᠍ᠰᠡᠨ ᠪᠥᠭᠡᠳ ᠦᠨᠳᠦᠰᠦᠨ ᠤ ᠪᠣᠯᠣᠭᠠᠳ ᠣᠷᠴᠢᠨ ᠦᠶ᠎ᠡ ᠶᠢᠨ ᠰᠢᠢᠳᠦᠯ ᠢ ᠬᠣᠣᠰᠯᠠᠭᠤᠯᠤᠭᠰᠠᠨ ᠪᠠᠢᠨ᠎ᠠ᠃

《ᠶᠡᠭᠡ ᠬᠤᠷᠠᠯᠳᠠᠢ》 ᠴᠣᠭᠴᠠᠯᠠᠪᠤᠷᠢ ᠶᠢ ᠲᠡᠦᠬᠡᠨ ᠰᠤᠷᠪᠤᠯᠵᠢ ᠪᠢᠴᠢᠭ ᠂ ᠡᠷᠳᠡᠮᠲᠡᠨ ᠰᠤᠳᠤᠯᠤᠭᠠᠴᠢᠳ ᠤᠨ ᠪᠦᠲᠦᠭᠡᠯ ᠳᠤ ᠲᠤᠯᠭᠠᠭᠤᠷᠢᠯᠠᠨ ᠵᠠᠰᠠᠭ ᠤᠨ ᠭᠠᠵᠠᠷ ᠤᠨ ᠰᠢᠢᠳᠪᠦᠷᠢ ᠪᠡᠷ᠂ ᠤᠯᠤᠰ ᠤᠨ ᠲᠥᠰᠦᠪ ᠤᠨ ᠬᠥᠷᠥᠩᠭᠡ ᠣᠷᠤᠭᠤᠯᠤᠯᠲᠠ ᠪᠠᠷ ᠬᠡᠨᠲᠡᠢ ᠠᠢᠮᠠᠭ ᠤᠨ ᠪᠢᠨᠳᠡᠷ ᠰᠤᠮᠤ ᠶᠢᠨ ᠨᠤᠲᠤᠭ ᠲᠤ ᠣᠷᠤᠰᠢᠬᠤ ᠣᠨᠣᠨ ᠬᠤᠷᠬ᠎ᠠ ᠶᠢᠨ ᠪᠡᠯᠴᠢᠷ ᠲᠤ ᠪᠠᠢᠭᠠᠯᠢ ᠶᠢᠨ ᠤᠨᠠᠭᠠᠨ ᠲᠥᠷᠬᠦ᠂ ᠭᠠᠵᠠᠷ ᠵᠦᠢ ᠶᠢᠨ ᠣᠨᠴᠠᠯᠢᠭ ᠲᠤ ᠵᠣᠬᠢᠴᠠᠭᠤᠯᠤᠨ ᠴᠡᠭᠠᠠ ᠨᠠᠭᠤᠷ ᠤᠨ ᠣᠢᠷᠠᠯᠴᠠᠭ᠎ᠠ ᠪᠦᠲᠦᠭᠡᠨ ᠪᠠᠢᠭᠤᠯᠵᠠᠢ ᠃

ᠵᠡᠭᠦᠨ ᠪᠦᠰᠡ ᠶᠢᠨ ᠲᠡᠦᠬᠡᠨ ᠠᠶᠠᠯᠠᠯ ᠵᠢᠭᠤᠯᠴᠢᠯᠠᠯ ᠤᠨ ᠬᠥᠭ᠍ᠵᠢᠯ ᠳᠤ ᠦᠨ᠎ᠡ ᠲᠠᠢ ᠬᠤᠪᠢ ᠨᠡᠮᠡᠷᠢ ᠣᠷᠣᠭᠤᠯᠬᠤ 《 ᠶᠡᠭᠡ ᠬᠤᠷᠠᠯᠳᠠᠢ 》 ᠴᠣᠭᠴᠠᠯᠠᠪᠤᠷᠢ ᠶᠢᠨ ᠨᠡᠭᠡᠭᠡᠯᠲᠡ ᠳᠦ 《 ᠴᠢᠩᠭᠢᠰ ᠬᠠᠭᠠᠨ 》 ᠦᠨᠳᠦᠰᠦᠨ ᠤ ᠮᠦᠽᠧᠢ ᠶᠢᠨ ᠬᠢᠨ ᠂ ᠬᠡᠨᠲᠡᠢ ᠠᠢᠮᠠᠭ ᠂ ᠪᠢᠨᠳᠡᠷ ᠰᠤᠮᠤ ᠶᠢᠨ ᠠᠯᠪᠠᠨ ᠤ ᠲᠥᠯᠦᠭᠡᠯᠡᠯ ᠪᠤᠯᠦᠠ ᠨᠤᠲᠤᠭ ᠤᠨ ᠵᠣᠨ ᠣᠯᠠᠨ ᠣᠷᠣᠯᠴᠠᠵᠠᠢ ᠃

ᠰᠡᠳᠬᠢᠭᠳᠡᠯ ᠦᠯᠡᠳᠡᠭᠡᠬᠦ