ᠰᠢᠨᠵᠢᠯᠡᠬᠦ ᠤᠬᠠᠭᠠᠨ ᠤ ᠠᠺᠠᠳ᠋ᠸᠮᠢ ᠶᠢᠨ ᠲᠡᠦᠬᠡ᠂ ᠤᠭᠰᠠᠭᠠᠲᠠᠨ ᠤ ᠵᠦᠢ ᠶᠢᠨ ᠬᠦᠷᠢᠶᠡᠯᠡᠩ ᠦᠨ ᠵᠥᠪᠯᠡᠬᠦ ᠫᠷᠣᠹᠧᠰᠰᠣᠷ ᠠ· ᠸᠴᠢᠷ ᠠᠭᠰᠠᠨ᠂ ᠲᠤᠰ ᠬᠦᠷᠢᠶᠡᠯᠡᠩ ᠦᠨ ᠵᠠᠬᠢᠷᠤᠯ ᠯ· ᠡᠷᠳᠡᠨᠢᠪᠣᠯᠣᠳ ᠨᠠᠷ ᠤᠨ ᠬᠠᠮᠲᠤᠷᠠᠨ ᠲᠤᠭᠤᠷᠪᠢᠵᠤ᠂ 2019 ᠣᠨ ᠳᠤ ᠬᠡᠪᠯᠡᠭᠦᠯᠦᠭ᠍ᠰᠡᠨ 《ᠮᠣᠩᠭᠣᠯ ᠨᠤᠳᠦᠬ ᠲᠡᠬᠢ ᠤᠢᠭᠤᠷ ᠤᠳ ᠤᠨ ᠠᠷᠬᠧᠣᠯᠣᠭᠢ ᠶᠢᠨ ᠳᠤᠷᠠᠰᠬᠠᠯ 》ᠨᠢᠭᠡᠨ ᠰᠡᠳᠦᠪᠲᠤ ᠪᠦᠲᠦᠭᠡᠯ ᠢ ᠤᠷᠦᠰ ᠬᠡᠯᠡ ᠤᠷᠤᠭᠤ ᠣᠷᠴᠢᠭᠤᠯᠤᠨ ᠭᠠᠷᠭᠠᠵᠠᠢ ᠃
ᠤᠭ ᠪᠦᠲᠦᠭᠡᠯ ᠳᠤ ᠮᠣᠩᠭᠣᠯ ᠤᠨ ᠨᠤᠲᠤᠭ ᠲᠤ ᠳᠣᠯᠣᠭ᠎ᠠ ᠠᠴᠠ ᠶᠢᠰᠦᠳᠦᠭᠡᠷ ᠵᠠᠭᠤᠨ ᠤ ᠦᠶ᠎ᠡ ᠳᠤ ᠣᠷᠣᠰᠢᠵᠤ ᠪᠠᠢᠭᠰᠠᠨ ᠤᠢᠭᠤᠷ ᠤᠨ ᠬᠠᠭᠠᠨᠲᠤ ᠤᠯᠤᠰ ᠤᠨ ᠦᠶ᠎ᠡ ᠶᠢᠨ ᠠᠷᠬᠧᠣᠯᠣᠭᠢ ᠶᠢᠨ ᠳᠤᠷᠠᠰᠬᠠᠯ ᠳᠤ ᠬᠢᠭ᠍ᠰᠡᠨ ᠮᠠᠯᠲᠠᠯᠭ᠎ᠠ ᠰᠤᠳᠤᠯᠭᠠᠨ ᠤ ᠦᠷ᠎ᠡ ᠳ᠋ᠦᠩ ᠢ ᠨᠢᠭᠡᠳᠬᠡᠭ᠍ᠰᠡᠨ ᠪᠠᠢᠳᠠᠭ᠃ ᠲᠣᠳᠣᠷᠠᠭᠤᠯᠪᠠᠯ᠂ ᠮᠣᠩᠭᠣᠯ ᠤᠨ ᠨᠤᠲᠤᠭ ᠠᠴᠠ ᠣᠯᠳᠠᠭᠰᠠᠨ ᠤᠢᠭᠤᠷ ᠤᠳ ᠤᠨ 15 ᠬᠤᠳᠠ᠂ ᠰᠠᠭᠤᠷᠢᠨ ᠤ ᠲᠤᠭᠤᠷᠢ᠂ ᠢᠵᠠᠭᠤᠷᠲᠠᠨ ᠪᠤᠯᠦᠠ ᠵᠢᠷ ᠤᠨ ᠢᠷᠭᠡᠳ ᠦᠨ ᠠᠷᠪᠡ ᠭᠠᠷᠦᠢ ᠣᠷᠰᠢᠭᠤᠯᠭᠠ ᠶᠢᠨ ᠳᠤᠷᠠᠰᠬᠠᠯᠲᠤ ᠭᠠᠵᠠᠷ ᠂ ᠲᠠᠬᠢᠯ ᠤᠨ ᠪᠠᠢᠭᠤᠯᠤᠮᠵᠢ ᠶᠢᠨ ᠲᠤᠬᠠᠶ ᠥᠭᠦᠯᠡᠳᠡᠭ ᠃