ᠮᠣᠩᠭᠣᠯ ᠤᠯᠤᠰ ᠤᠨ ᠶᠡᠭᠡ᠎ ᠰᠤᠷᠭᠠᠭᠤᠯᠢ ᠳᠤ ᠣᠯᠠᠨ ᠨᠡᠢᠲᠡ ᠶᠢᠨ ᠬᠠᠷᠢᠯᠴᠠᠭᠠᠨ ᠤ ᠠᠩᠭᠢ ᠨᠡᠭᠡᠭᠡᠭ᠍ᠳᠡᠯ᠎ᠡ | News.MN

ᠮᠣᠩᠭᠣᠯ ᠤᠯᠤᠰ ᠤᠨ ᠶᠡᠭᠡ᠎ ᠰᠤᠷᠭᠠᠭᠤᠯᠢ ᠳᠤ ᠣᠯᠠᠨ ᠨᠡᠢᠲᠡ ᠶᠢᠨ ᠬᠠᠷᠢᠯᠴᠠᠭᠠᠨ ᠤ ᠠᠩᠭᠢ ᠨᠡᠭᠡᠭᠡᠭ᠍ᠳᠡᠯ᠎ᠡ

ᠮᠣᠩᠭᠣᠯ ᠤᠯᠤᠰ ᠤᠨ ᠶᠡᠭᠡ ᠰᠤᠷᠭᠠᠭᠤᠯᠢ ᠶᠢᠨ ᠰᠢᠨᠵᠢᠯᠡᠬᠦ ᠤᠬᠠᠭᠠᠨ ᠤ ᠰᠤᠷᠭᠠᠭᠤᠯᠢ ᠶᠢᠨ ᠰᠡᠳᠬᠦᠯ ᠵᠦᠶ᠂ ᠣᠯᠠᠨ ᠨᠡᠢᠲᠡ ᠶᠢᠨ ᠬᠠᠷᠢᠯᠴᠠᠭᠠᠨ ᠤ ᠲᠠᠩᠬᠢᠮ ᠳᠤ《ᠣᠯᠠᠨ ᠨᠡᠢᠲᠡ ᠶᠢᠨ ᠬᠠᠷᠢᠯᠴᠠᠭ᠎ᠠ ᠂ ᠮᠡᠳᠡᠭᠡᠯᠡᠯ 》 ( Mass Communication ᠂ Information )  ᠪᠠᠺᠯᠠᠸᠠᠷ ᠤᠨ ᠬᠥᠲᠥᠯᠪᠦᠷᠢ ᠰᠢᠨ᠎ᠡ ᠪᠠᠷ ᠨᠡᠭᠡᠭᠡᠭ᠍ᠳᠡᠵᠦ᠂ ᠡᠯᠰᠡᠯᠲᠡ ᠪᠠᠨ ᠵᠠᠷᠯᠠᠯ᠎ᠠ ᠃

ᠲᠤᠰ ᠠᠩᠭᠢ ᠶᠢ ᠮᠣᠩᠭᠣᠯ ᠤᠯᠤᠰ ᠤᠨ ᠶᠡᠭᠡ᠎ ᠰᠤᠷᠭᠠᠭᠤᠯᠢ ᠶᠢᠨ ᠰᠡᠳᠬᠦᠯ ᠵᠦᠢ ᠶᠢᠨ ᠪᠠᠭ᠌ᠰᠢ ᠨᠠᠷ ᠰᠠᠨᠠᠭᠠᠴᠢᠯᠠᠨ ᠨᠡᠭᠡᠭᠡᠬᠦ ᠪᠡᠷ 2024 ᠣᠨ ᠤ ᠭᠤᠷᠪᠠᠳᠤᠭᠠᠷ ᠰᠠᠷ᠎ᠠ ᠶᠢᠨ 18 ᠡᠴᠡ ᠡᠬᠢᠯᠡᠨ ᠳᠡᠯᠡᠬᠡᠢ ᠶᠢᠨ ᠰᠢᠯᠢᠳᠡᠭ ᠲᠠᠪᠤᠨ ᠶᠡᠭᠡ ᠰᠤᠷᠭᠠᠭᠤᠯᠢ ᠶᠢᠨ ᠢᠵᠢᠯ ᠬᠥᠲᠥᠯᠪᠦᠷᠢ ᠲᠠᠢ ᠬᠠᠷᠢᠴᠠᠭᠤᠯᠤᠨ ᠨᠢᠭᠡ ᠵᠢᠯ ᠭᠤᠷᠪᠠᠨ ᠰᠠᠷ᠎ᠠ ᠶᠢᠨ ᠬᠤᠭᠤᠴᠠᠭᠠᠨ ᠳᠤ ᠰᠤᠷᠭᠠᠯᠲᠠ ᠶᠢᠨ ᠬᠥᠲᠥᠯᠪᠦᠷᠢ ᠪᠣᠯᠪᠠᠰᠤᠷᠠᠭᠤᠯᠵᠠᠢ᠃ ᠤᠯᠠᠮ ᠢᠶᠠᠷ ᠬᠥᠲᠥᠯᠪᠦᠷᠢ ᠶᠢ ᠦᠨᠭᠭᠡᠷᠡᠭ᠍ᠰᠡᠠ ᠭᠤᠷᠪᠠᠳᠤᠭᠠᠷ ᠰᠠᠷ᠎ᠠ ᠳᠤ ᠪᠣᠯᠪᠠᠰᠤᠷᠠᠯ ᠤᠨ ᠮᠠᠭᠠᠳᠯᠠᠨ ᠢᠳᠡᠭᠡᠮᠵᠢᠯᠡᠬᠦ ᠦᠨᠳᠦᠰᠦᠨ ᠤ ᠵᠥᠪᠯᠡᠯ ᠢᠶᠡᠷ ᠤᠷᠢᠳᠴᠢᠯᠠᠨ ᠮᠠᠭᠠᠳᠯᠠᠭᠤᠯᠵᠤ᠂ ᠲᠠᠪᠤᠳᠤᠭᠠᠷ ᠰᠠᠷ᠎ᠠ ᠳᠤ ᠪᠣᠯᠪᠠᠰᠤᠷᠠᠯ ᠤᠨ ᠶᠠᠮᠤᠨ ᠠᠴᠠ ᠰᠢᠨ᠎ᠡ ᠪᠠᠷ ᠬᠥᠲᠥᠯᠪᠦᠷᠢ ᠨᠡᠭᠡᠭᠡᠬᠦ ᠲᠤᠰᠬᠠᠶ ᠵᠥᠪᠰᠢᠶᠡᠷᠡᠯ ᠢᠶᠡᠨ ᠠᠪᠤᠭᠰᠠᠨ ᠪᠡᠢᠨ᠎ᠡ᠃ ᠣᠯᠠᠨ ᠨᠡᠢᠲᠡ ᠶᠢᠨ ᠬᠠᠷᠢᠯᠴᠠᠭ᠎ᠠ᠂ ᠮᠡᠳᠡᠭᠡᠯᠡᠯ ᠦᠨ ᠬᠦᠲᠦᠯᠪᠦᠷᠢ ᠳᠦ ᠡᠨᠡ ᠵᠢᠯ 30 ᠣᠶᠤᠲᠠᠨ ᠡᠯᠰᠡᠭᠦᠯᠦᠨ᠎ᠡ ᠃ ᠃

ᠰᠡᠳᠬᠢᠭᠳᠡᠯ ᠦᠯᠡᠳᠡᠭᠡᠬᠦ