ᠠᠮᠧᠷᠢᠺᠠ ᠶᠢᠨ ᠮᠣᠩᠭᠣᠯ ᠥᠬᠢᠨ ᠭᠢᠮᠨᠠᠰᠲ᠋ᠢᠺ ᠤᠨ ᠠᠽᠢᠶ᠎ᠠ ᠶᠢᠨ ᠠᠪᠤᠷᠭᠤ ᠶᠢᠨ ᠬᠦᠷᠡᠯ ᠮᠧᠳᠠᠯ ᠬᠦᠷᠲᠡᠵᠡᠢ | News.MN

ᠠᠮᠧᠷᠢᠺᠠ ᠶᠢᠨ ᠮᠣᠩᠭᠣᠯ ᠥᠬᠢᠨ ᠭᠢᠮᠨᠠᠰᠲ᠋ᠢᠺ ᠤᠨ ᠠᠽᠢᠶ᠎ᠠ ᠶᠢᠨ ᠠᠪᠤᠷᠭᠤ ᠶᠢᠨ ᠬᠦᠷᠡᠯ ᠮᠧᠳᠠᠯ ᠬᠦᠷᠲᠡᠵᠡᠢ

ᠰᠫᠣᠷᠲ ᠤᠨ ᠭᠢᠮᠨᠠᠰᠲ᠋ᠢᠺ  ᠤᠨ ᠠᠽᠢᠶ᠎ᠠ ᠲᠢᠪ ᠤᠨ ᠠᠪᠤᠷᠭᠤ ᠰᠢᠯᠭᠠᠷᠠᠭᠤᠯᠬᠤ ᠲᠡᠮᠡᠴᠡᠭᠡᠨ ᠡᠮᠦᠨᠡᠳᠦ ᠰᠣᠯᠤᠩᠭᠤᠰ  ᠲᠤ ᠡᠨᠡ ᠰᠠᠷ᠎ᠠ ᠶᠢᠨ 12-14᠎ ᠳᠤ ᠪᠣᠯᠣᠯ᠎ᠠ᠃ ᠲᠤᠰ ᠲᠡᠮᠡᠴᠡᠭᠡᠨ ᠤ ᠵᠠᠯᠠᠭᠤᠴᠤᠳ ᠤᠨ ᠨᠠᠰᠤᠨ ᠤ ᠠᠩᠭᠢᠯᠠᠯ ᠳᠤ 16 ᠣᠷᠣᠨ ᠤ 48 ᠲᠠᠮᠢᠷᠴᠢᠨ᠂ ᠨᠠᠰᠤᠨ ᠳᠤ ᠬᠦᠷᠦᠭ᠍ᠴᠢᠳ ᠦᠨ ᠠᠩᠭᠢᠯᠠᠯ ᠳᠤ 18 ᠣᠷᠣᠨ ᠤ 66 ᠲᠠᠮᠢᠷᠴᠢᠨ ᠥᠷᠢᠰᠦᠯᠳᠦᠭ᠍ᠰᠡᠨ ᠠᠴᠠ ᠮᠣᠩᠭᠣᠯ ᠢ ᠲᠥᠯᠥᠭᠡᠯᠡᠵᠦ ᠣᠷᠣᠯᠴᠠᠭᠰᠠᠨ ᠥᠰᠪᠦᠷᠢ ᠶᠢᠨ ᠲᠠᠮᠢᠷᠴᠢᠨ ᠰᠢᠨᠡᠪᠠᠶᠠᠷ ᠤᠨ ᠰᠣᠹᠢ ᠬᠦᠷᠡᠯ ᠮᠧᠳᠠᠯ ᠬᠦᠷᠲᠡᠵᠡᠢ᠃

ᠲᠡᠷᠡ ᠪᠡᠷ ᠠᠮᠧᠷᠢᠺᠠ ᠳᠦ ᠠᠮᠢᠳᠤᠷᠠᠳᠠᠭ ᠪᠥᠭᠡᠳ ᠡᠨᠡ ᠲᠡᠮᠡᠴᠡᠭᠡᠨ ᠤ ᠴᠢᠯᠦᠭᠡᠳᠦ ᠬᠥᠳᠡᠯᠭᠡᠭᠡᠨ ᠤ ᠲᠥᠷᠥᠯ ᠳᠤ 11933 ᠤᠨᠤᠭ᠎ᠠ ᠪᠠᠷ ᠭᠤᠷᠪᠠᠳᠤᠭᠠᠷ ᠪᠠᠢᠷᠢᠨ ᠳᠤ ᠰᠢᠯᠭᠠᠷᠠᠵᠠᠢ᠃ ᠮᠣᠩᠭᠣᠯ ᠤᠨ ᠨᠠᠰᠤᠨ ᠳᠤ ᠬᠦᠷᠦᠭ᠍ᠴᠢᠳ ᠦᠨ ᠠᠩᠭᠢᠯᠠᠯ ᠤᠨ ᠲᠠᠮᠢᠷᠴᠢᠨ  ᠠᠨᠤᠵᠢᠨ ᠱᠠᠩᠨᠠᠯᠲᠤ ᠪᠠᠢᠷᠢᠨ ᠳᠤ  ᠰᠢᠯᠭᠠᠷᠠᠪᠠ᠃

ᠰᠡᠳᠬᠢᠭᠳᠡᠯ ᠦᠯᠡᠳᠡᠭᠡᠬᠦ