ᠶᠡᠷᠦᠩᠬᠡᠶ ᠰᠠᠢᠳ ᠪᠠᠢᠭᠰᠠᠨ ᠯ∙ ᠤᠶᠤᠡᠡᠷᠳᠡᠨᠢ ᠶᠢᠨ ᠬᠦᠦ ᠣ∙ᠲᠡᠮᠡᠤᠯᠤᠨ ᠤ ᠨᠠᠢᠵᠠ ᠥᠬᠢᠨ ᠳᠤ ᠪᠠᠨ ᠪᠡᠯᠡᠭ᠍ᠯᠡᠭ᠍ᠰᠡᠨ ᠲᠠᠩᠰᠤᠭ ᠬᠡᠷᠡᠭ᠍ᠯᠡᠭᠡ ᠢᠯᠡ ᠪᠣᠯᠵᠤ᠂ ᠣᠯᠠᠨ ᠨᠡᠢᠲᠡ ᠶᠢᠨ ᠪᠤᠬᠢᠮᠳᠤᠯ ᠢ ᠥᠳᠥᠭᠡᠵᠦ᠂ ᠰᠦᠬᠡᠪᠠᠭᠠᠲᠤᠷ ᠤᠨ ᠲᠠᠯᠠᠪᠠᠢ ᠳᠤ ᠯ∙ ᠤᠶᠤᠡᠡᠷᠳᠡᠨᠢ ᠶᠢ ᠣᠷᠣᠯᠭ᠎ᠠ ᠪᠠᠨ ᠨᠣᠲᠠᠯᠠᠬᠤ ᠶᠢ ᠱᠠᠭᠠᠷᠳᠠᠭᠰᠠᠨ《ᠣᠭᠴᠤᠷᠠᠬᠤ ᠠᠮᠡᠷᠬᠠᠠ》ᠵᠢᠭ᠌ᠰᠠᠭᠠᠯ ᠣᠯᠠᠨ ᠡᠳᠦᠷ ᠦᠷᠭᠦᠯᠵᠢᠯᠡᠭ᠍ᠰᠡᠨ᠃ ᠲᠡᠷᠡ ᠦᠷᠨᠢᠵᠤ ᠪᠣᠢ ᠤᠯᠤᠰ ᠲᠥᠷᠥ ᠶᠢᠨ ᠨᠥᠬᠥᠴᠡᠯ ᠪᠠᠢᠳᠠᠯ ᠳᠤ ᠦᠨᠡᠯᠡᠯᠲᠡ ᠳ᠋ᠦᠩᠨᠡᠯᠲᠡ ᠬᠢᠵᠦ᠂ ᠭᠡᠷ ᠪᠦᠯᠢ ᠶᠢᠨ ᠭᠡᠰᠢᠭᠦᠳ ᠲᠠᠢ ᠬᠣᠯᠪᠣᠭ᠎ᠠ ᠲᠠᠢ ᠶᠣᠰᠣ ᠵᠦᠢ ᠶᠢᠨ ᠠᠰᠠᠭᠤᠳᠠᠯ ᠳᠤ ᠪᠠᠨ ᠬᠠᠷᠢᠭᠤᠴᠠᠯᠭ᠎ᠠ ᠬᠦᠯᠢᠶᠡᠬᠦ ᠭᠡᠰᠡᠨ ᠪᠣᠯ ᠰᠠᠢᠨ ᠳᠤᠷ᠎ᠠ ᠠᠴᠠ ᠪᠠᠨ ᠠᠯᠪᠠᠨ ᠲᠤᠰᠢᠶᠠᠯ ᠠᠴᠠ ᠪᠠᠨ ᠣᠭᠴᠣᠷᠠᠬᠤ ᠡᠷᠭᠦᠳᠡᠯ ᠢᠶᠡᠨ ᠤᠯᠤᠰ ᠤᠨ ᠶᠡᠬᠡ ᠬᠤᠷᠠᠯ ᠳᠤ ᠥᠭ᠍ᠭᠦᠭᠡᠳ᠂ ᠤᠯᠤᠰ ᠤᠨ ᠶᠡᠬᠡ ᠬᠤᠷᠠᠯ ᠤᠨ ᠭᠡᠰᠢᠭᠦᠳ ᠦᠨ《ᠶᠡᠷᠦᠳᠡ ᠶᠢᠨ ᠤᠯᠡᠡᠭ᠍ᠬᠢ》ᠪᠤᠶᠤ ᠲᠤᠬᠠᠢ ᠶᠢᠨ ᠡᠳᠦᠷ ᠦᠨ ᠴᠢᠭᠤᠯᠭᠠᠨ ᠳᠤ ᠣᠷᠣᠯᠴᠠᠵᠤ ᠪᠤᠶ ᠭᠡᠰᠢᠭᠦᠳ ᠦᠨ ᠰᠠᠨᠠᠯ ᠢᠶᠠᠷ ᠣᠭᠴᠣᠷᠠᠬᠤ ᠡᠰᠡᠬᠦ ᠪᠡᠨ ᠰᠢᠢᠳᠦᠭᠦᠯᠬᠦ ᠪᠠᠢᠭᠰᠠᠨ ᠴᠤ᠂《ᠶᠡᠷᠦᠩᠬᠡᠶ ᠰᠠᠢᠳ ᠲᠤ ᠢᠲᠡᠭᠡᠯ ᠬᠦᠯᠢᠶᠡᠯᠭᠡᠬᠦ 》ᠡᠰᠡᠬᠦ ᠦᠨᠳᠦᠰᠦᠨ ᠬᠠᠤᠯᠢ ᠶᠢᠨ ᠵᠢᠭᠠᠯᠲᠠ ᠶᠢ ᠦᠨᠳᠦᠰᠦᠯᠡᠨ᠂ ᠪᠥᠬᠥ 126 ᠭᠡᠰᠢᠭᠦᠨ ᠣᠷᠣᠯᠴᠠᠭᠰᠠᠨ ᠬᠤᠷᠠᠯ ᠢᠶᠠᠷ ᠣᠭᠴᠣᠷᠠᠭᠤᠯᠬᠤ ᠡᠰᠡᠬᠦ ᠰᠠᠨᠠᠯ ᠬᠤᠷᠢᠶᠠᠯᠭᠠᠵᠤ᠂ ᠠᠯᠪᠠᠨ ᠲᠤᠰᠢᠶᠠᠯ ᠳᠤ ᠪᠠᠨ ᠦᠯᠡᠳᠡᠬᠦ ᠶᠢ ᠤᠷᠤᠯᠳᠤᠭᠠᠳ ᠪᠦᠲᠦᠯ ᠦᠭᠡᠢᠲᠡᠵᠡᠢ᠃ ᠡᠭᠦᠨ ᠢ ᠢᠷᠭᠡᠳ ᠤᠯᠠᠨ ᠲᠦᠮᠡᠨ ᠬᠤᠪᠢ ᠶᠢᠨ ᠠᠰᠠᠭᠤᠳᠠᠯ ᠢᠶᠠᠨ ᠲᠥᠷᠦ ᠶᠢᠨ ᠬᠢᠮᠤᠷᠠᠯ ᠪᠣᠯᠭᠠᠯ᠎ᠠ ᠭᠡᠵᠦ ᠰᠢᠭᠦᠮᠵᠢᠯᠡᠭ᠍ᠰᠡᠨ᠃ ᠪᠣᠳᠠᠲᠤ ᠦᠨᠡᠨ ᠨᠢ ᠶᠡᠷᠦ ᠳᠦ ᠪᠡᠨ ᠯᠡ ᠡᠨᠡ᠃
ᠲᠡᠭᠡᠲᠡᠯ᠎ᠡ ᠶᠡᠭᠡ ᠪᠷᠢᠲ᠋ᠠᠨ ᠤ The Times & The Sunday Times ᠰᠣᠨᠢᠨ ᠤ ᠠᠯᠪᠠᠨ ᠶᠣᠰᠣᠨ ᠤ ᠸᠧᠪ ᠰᠠᠢᠲ Times.com ᠳᠤ ᠡᠨᠡ ᠰᠠᠷ᠎ᠠ ᠶᠢᠨ ᠠᠷᠪᠠᠨ ᠨᠢᠭᠡᠨ ᠳᠦ᠄《ᠫᠦᠲ᠋ᠢᠨ ᠤ ᠲᠠᠯ᠎ᠠ ᠶᠢ ᠪᠠᠷᠢᠮᠲᠠᠯᠠᠭ᠌ᠴᠢ ᠶᠡᠷᠦᠩᠬᠡᠢᠢᠯᠡᠭ᠍ᠴᠢ ᠤ∙ᠬᠦᠷᠡᠯᠰᠦ᠋ᠬᠡ ᠶᠡᠷᠦᠩᠬᠡᠶ ᠰᠠᠢᠳ ᠢᠶᠠᠨ ᠭᠦᠳᠬᠡᠨ ᠳᠣᠷᠣᠮᠵᠢᠯᠠᠵᠤ᠂ ᠣᠭᠴᠣᠷᠠᠭᠤᠯᠪᠠ》 ᠭᠡᠰᠡᠨ ᠭᠠᠷᠴᠠᠭ ᠲᠠᠢ ᠮᠡᠳᠡᠭᠡᠯᠡᠯ ᠨᠡᠢᠲᠡᠯᠡᠭ᠍ᠳᠡᠵᠡᠢ᠃ ᠵᠠᠷᠢᠮ ᠬᠥᠮᠥᠰ ᠡᠭᠦᠨ ᠢ ᠯ∙ ᠤᠶᠤᠡᠡᠷᠳᠡᠨᠢ ᠨᠡᠢᠲᠡᠯᠡᠭᠦᠯᠪᠡ ᠦᠦ ᠬᠡᠮᠡᠨ ᠬᠠᠷᠠᠳᠠᠵᠤ ᠪᠠᠢᠭ᠎ᠠ ᠶᠤᠮ᠃ ᠤᠴᠢᠷ ᠨᠢ ᠲᠤᠰ ᠨᠡᠢᠲᠡᠯᠡᠯ ᠳᠦ᠄《ᠯ∙ ᠤᠶᠤᠡᠡᠷᠳᠡᠨᠢ ᠡᠢᠨ ᠬᠦ ᠬᠡᠯᠡᠵᠦ ᠪᠡᠢᠨ᠎ᠡ》ᠬᠡᠮᠡᠨ ᠣᠨᠴᠠᠯᠠᠭᠰᠠᠨ ᠪᠡᠢᠨ᠎ᠡ᠃ ᠮᠡᠳᠡᠭᠡᠯᠡᠯ ᠳᠤ ᠮᠣᠩᠭᠣᠯ ᠤᠯᠤᠰ ᠤᠨ ᠭᠠᠵᠠᠷ ᠤᠨ ᠵᠢᠷᠤᠭ ᠳᠡᠭᠡᠷ᠎ᠡ ᠯ∙ ᠤᠶᠤᠡᠡᠷᠳᠡᠨᠢ ᠪᠤᠯᠦᠠ ᠤ∙ ᠬᠦᠷᠡᠯᠰᠦ᠋ᠬᠡ᠂ ᠫᠦᠲ᠋ᠢᠨ ᠤ ᠭᠠᠷ ᠪᠠᠷᠢᠵᠤ ᠪᠤᠶ ᠵᠢᠷᠤᠭ ᠢ ᠠᠰᠢᠭ᠌ᠯᠠᠵᠠᠢ ᠃ ᠢᠩᠭᠢᠭᠡᠳ ᠲᠤᠰ ᠨᠡᠢᠲᠡᠯᠡᠯ ᠢ ᠣᠷᠴᠢᠭᠤᠯᠭ᠎ᠠ ᠶᠢ ᠬᠦᠷᠭᠡᠵᠦ ᠪᠡᠢᠨ᠎ᠡ᠄
《ᠮᠣᠩᠭᠣᠯ ᠤᠯᠤᠰ ᠤᠨ ᠶᠡᠷᠦᠩᠬᠡᠢᠢᠯᠡᠭ᠍ᠴᠢ ᠤ∙ ᠬᠦᠷᠡᠯᠰᠦ᠋ᠬᠡ ᠫᠦᠲ᠋ᠢᠨ ᠲᠠᠢ ᠠᠭᠤᠯᠵᠠᠭᠰᠠᠨ ᠤ ᠳᠠᠷᠠᠭ᠎ᠠ ᠲᠥᠷᠦ ᠶᠢᠨ ᠡᠷᠭᠢᠯᠲᠡ ᠬᠢᠵᠤ᠂ ᠬᠣᠬᠢᠷᠠᠭ᠌ᠴᠢ ᠨᠢ ᠶᠡᠷᠦᠩᠬᠡᠶ ᠰᠠᠢᠳ ᠯ∙ ᠤᠶᠤᠡᠡᠷᠳᠡᠨᠢ ᠪᠣᠯᠣᠯ᠎ᠠ 》ᠭᠡᠵᠦ ᠡᠬᠢ ᠰᠤᠷᠪᠤᠯᠵᠢ ᠨᠤᠭᠤᠳ ᠮᠡᠳᠡᠭᠡᠯᠡᠭ᠍ᠰᠡᠨ ᠪᠡᠢᠨ᠎ᠡ᠃ ᠨᠢᠭᠡ ᠨᠢ ᠠᠮᠧᠷᠢᠺᠠ ᠳᠤ ᠪᠣᠯᠪᠠᠰᠤᠷᠠᠯ ᠡᠵᠡᠮᠰᠢᠭ᠍ᠰᠡᠨ ᠪᠤᠶᠠᠨ ᠤ ᠦᠢᠯᠡᠰᠲᠡᠨ ᠪᠠᠢᠭᠰᠠᠨ ᠮᠣᠩᠭᠣᠯ ᠤᠯᠤᠰ ᠤᠨ ᠶᠡᠷᠦᠩᠬᠡᠶ ᠰᠠᠢᠳ ᠂ ᠨᠥᠭᠥᠭᠡ ᠨᠢ ᠫᠦᠲ᠋ᠢᠨ ᠢ ᠰᠢᠲᠦᠨ ᠪᠢᠰᠢᠷᠡᠭ᠍ᠴᠢ ᠴᠡᠷᠢᠭ ᠪᠠᠢᠭᠰᠠᠨ ᠮᠣᠩᠭᠣᠯ ᠤᠯᠤᠰ ᠤᠨ ᠶᠡᠷᠦᠩᠬᠡᠢᠢᠯᠡᠭ᠍ᠴᠢ᠃ ᠲᠡᠳᠡᠨ ᠤ ᠬᠤᠭᠤᠷᠦᠡᠳᠦ ᠲᠥᠷᠦ ᠶᠢᠨ ᠡᠷᠬᠡ ᠮᠡᠳᠡᠯ ᠦᠨ ᠲᠥᠯᠥᠭᠡᠬᠢ ᠦᠯᠦ ᠦᠵᠡᠭ᠍ᠳᠡᠬᠦ ᠲᠡᠮᠡᠴᠡᠯ ᠬᠡᠳᠦᠨ ᠳᠣᠯᠣᠭ᠎ᠠ ᠬᠣᠨᠤᠭ ᠦᠷᠭᠦᠯᠵᠢᠯᠡᠪᠡ᠃
ᠬᠠᠮᠤᠭ ᠤᠨ ᠰᠡᠭᠦᠯ ᠳᠤ ᠲᠠᠪᠤᠳᠤᠭᠠᠷ ᠰᠠᠷ᠎ᠠ ᠳᠤ ᠫᠦᠲ᠋ᠢᠨ ᠲᠠᠢ ᠬᠡᠳᠦ ᠬᠡᠳᠦᠨ ᠤᠳᠠᠭ᠎ᠠ ᠠᠭᠤᠯᠵᠠᠭᠰᠠᠨ ᠶᠡᠷᠦᠩᠬᠡᠢᠢᠯᠡᠭ᠍ᠴᠢ ᠤ∙ ᠬᠦᠷᠡᠯᠰᠦ᠋ᠬᠡ ᠤᠷᠦᠰ᠂ ᠬᠢᠲᠠᠳ ᠬᠦᠷᠰᠢ ᠨᠤᠭᠦᠳ ᠤᠨ ᠢᠶᠡᠨ ᠨᠢᠳᠤᠨ ᠳᠡᠭᠡᠷ᠎ᠡ ᠤᠯᠤᠰ ᠣᠷᠣᠨ ᠤ ᠪᠠᠨ ᠲᠥᠯᠥᠭᠡ ᠭᠡᠬᠦ ᠡᠨᠡ ᠬᠦ ᠲᠡᠮᠡᠴᠡᠯ ᠳᠤ ᠪᠠᠨ ᠢᠯᠠᠭᠰᠠᠨ ᠪᠣᠯᠣᠯᠲᠠᠢ᠃ ᠮᠣᠩᠭᠣᠯ ᠤᠯᠤᠰ ᠤᠨ ᠵᠡᠪᠰᠡᠭ᠍ᠲᠦ ᠬᠦᠴᠦᠨ ᠤ ᠬᠤᠷᠠᠩᠳᠠ ᠪᠠᠢᠭᠰᠠᠨ ᠶᠡᠷᠦᠩᠬᠡᠢᠢᠯᠡᠭ᠍ᠴᠢ ᠤ∙ ᠬᠦᠷᠡᠯᠰᠦ᠋ᠬᠡ ᠵᠠᠰᠠᠭ ᠤᠨ ᠡᠷᠬᠡ ᠶᠢ ᠭᠠᠷ ᠲᠠᠭᠠᠨ ᠠᠪᠴᠤ ᠶᠡᠷᠦᠩᠬᠡᠶ ᠰᠠᠢᠳ ᠢ ᠠᠯᠪᠠᠨ ᠲᠤᠰᠢᠶᠠᠯ ᠠᠴᠠ ᠨᠢ ᠲᠦᠯᠬᠢᠨ ᠤᠨᠠᠭᠠᠯ᠎ᠠ ᠃
ᠯ∙ ᠤᠶᠤᠡᠡᠷᠳᠡᠨᠢ ᠶᠠᠷᠢᠯᠴᠠᠯᠭ᠎ᠠ ᠳᠤ ᠪᠠᠨ᠄ ᠪᠢ ᠶᠡᠭᠠᠬᠢᠭᠠᠦᠠ ᠬᠠᠷᠠᠮᠰᠠᠭᠠᠳ ᠪᠠᠢᠨ᠎ᠠ ᠪᠤᠢ ᠭᠡᠪᠡᠯ ᠵᠠᠰᠠᠭ ᠤᠨ ᠭᠠᠵᠠᠷ ᠮᠥᠷ ᠤᠨ ᠬᠥᠲᠥᠯᠪᠦᠷᠢ ᠪᠠᠢᠬᠤ ᠦᠭᠡᠶ᠂ ᠮᠥᠨ ᠠᠯᠤᠰ ᠤᠨ ᠬᠠᠷᠠᠭ᠎ᠠ ᠲᠣᠳᠣᠷᠬᠠᠢ ᠦᠭᠡᠢ ᠪᠠᠢᠬᠤ ᠳᠤ ᠲᠥᠷᠦ ᠶᠢᠨ ᠡᠷᠬᠡ ᠮᠡᠳᠡᠯ᠂ ᠠᠯᠪᠠᠨ ᠲᠤᠰᠢᠶᠠᠯ ᠤᠨ ᠲᠥᠯᠥᠭᠡ ᠲᠡᠮᠡᠴᠡᠯᠳᠦᠵᠦ ᠪᠠᠢᠭ᠎ᠠ ᠲᠡᠳᠡᠭᠡᠷ ᠬᠥᠮᠥᠰ ᠤᠯᠤᠰ ᠤᠨ ᠬᠥᠭ᠍ᠵᠢᠯ ᠳᠤ ᠰᠥᠷᠭᠦ ᠪᠠᠷ ᠨᠥᠯᠥᠭᠡᠯᠡᠵᠦ᠂ ᠬᠥᠭ᠍ᠵᠢᠯ ᠢ ᠤᠬᠤᠷᠢᠭᠠᠬᠤ ᠪᠣᠯᠤᠨ᠎ᠠ ᠭᠡᠵᠦ ᠪᠣᠯᠭᠣᠮᠵᠢᠯᠠᠵᠤ ᠪᠡᠢᠨ᠎ᠡ᠃ ᠫᠠᠷᠯᠠᠮᠧᠨ᠋ᠲ︵ᠤᠯᠤᠰ ᠤᠨ ᠬᠤᠷᠠᠯ︶ ᠤᠨ ᠠᠷᠠᠳᠴᠢᠯᠠᠯ ᠪᠠᠲᠤ ᠪᠥᠬᠡ᠂ ᠲᠣᠭᠲᠠᠪᠤᠷᠢᠲᠠᠶ ᠪᠠᠢᠬᠤ ᠶᠢᠨ ᠲᠤᠯᠠᠳᠠ ᠳᠠᠷᠠᠭ᠎ᠠ ᠳᠠᠷᠠᠭ᠎ᠠ ᠶᠢᠨ ᠠᠯᠬᠤᠮ ᠤᠳ᠂ ᠰᠲᠷᠡᠲᠸᠬᠢ ᠵᠥᠪ ᠪᠠᠢᠬᠤ ᠨᠢ ᠴᠢᠬᠤᠯᠠ ᠭᠡᠵᠦ ᠦᠵᠡᠵᠦ ᠪᠡᠢᠨ᠎ᠡ ᠭᠡᠳᠡᠭ ᠢᠶᠡᠨ ᠬᠡᠯᠡᠪᠡ᠃
ᠵᠥᠪᠯᠡᠯᠲᠦ ᠶᠢᠨ ᠳᠠᠭᠠᠭᠤᠯᠢ ᠪᠠᠢᠭᠰᠠᠨ ᠮᠣᠩᠭᠣᠯ ᠤᠯᠤᠰ 1990 ᠣᠨ ᠳᠤ ᠪᠧᠷᠯᠢᠨ ᠦ ᠬᠠᠨ᠎ᠠ ᠨᠤᠷᠠᠭᠰᠠᠨ ᠠᠴᠠ ᠳᠣᠯᠣᠭ᠎ᠠ ᠬᠣᠨᠣᠭ ᠤᠨ ᠳᠠᠷᠠᠭ᠎ᠠ ᠡᠩᠬᠡ ᠲᠠᠢᠢᠪᠤᠩ ᠵᠠᠮ ᠢᠶᠠᠷ ᠠᠷᠠᠳᠴᠢᠯᠠᠭᠰᠠᠨ ᠬᠤᠪᠢᠰᠬᠠᠯ ᠬᠢᠵᠦ ᠥᠨᠥᠳᠥᠷ ᠦᠨ ᠡᠨᠡ ᠬᠦ ᠠᠮᠵᠢᠯᠲᠠ ᠳᠤ ᠬᠦᠷᠦᠭ᠍ᠰᠡᠨ᠃ ᠪᠦᠬᠦ ᠨᠡᠢᠲᠡ ᠶᠢᠨ ᠴᠢᠯᠦᠭᠡᠳᠦ ᠰᠣᠩᠭᠣᠭᠤᠯᠢ ᠂ ᠨᠡᠭᠡᠭᠡᠯᠲᠡ ᠲᠠᠢ ᠨᠡᠢᠭᠡᠮ ᠨᠢ ᠲᠥᠷᠥ ᠪᠡᠨ ᠰᠣᠩᠭᠣᠵᠤ ᠪᠡᠢᠨ᠎ᠡ ᠃
ᠬᠠᠷᠸᠠᠷᠳ᠋ ᠤᠨ ᠶᠡᠭᠡ ᠰᠤᠷᠭᠠᠭᠤᠯᠢ ᠳᠤ ᠪᠣᠯᠪᠠᠰᠤᠷᠠᠯ ᠡᠵᠡᠮᠰᠢᠵᠦ᠂ ᠠᠮᠧᠷᠢᠺᠠ ᠶᠢᠨ《ᠳᠡᠯᠡᠬᠡᠢ ᠶᠢᠨ ᠵᠥᠩ》ᠣᠯᠠᠨ ᠤᠯᠤᠰ ᠤᠨ ᠪᠤᠶᠠᠨ ᠤ ᠪᠠᠢᠭᠤᠯᠤᠯᠭ᠎ᠠ ᠳᠤ ᠠᠵᠢᠯᠯᠠᠵᠤ ᠪᠠᠢᠭᠰᠠᠨ 44 ᠨᠠᠰᠤᠲᠠᠢ ᠯ∙ ᠤᠶᠤᠡᠡᠷᠳᠡᠨᠢ 2021 ᠣᠨ ᠳᠤ ᠮᠣᠩᠭᠣᠯ ᠠᠷᠠᠳ ᠤᠨ ᠨᠠᠮ ᠠᠴᠠ ᠶᠡᠷᠦᠩᠬᠡᠶ ᠰᠠᠢᠳ ᠪᠣᠯᠣᠭᠰᠠᠨ᠃ ᠭᠡᠪᠡᠴᠦ ᠮᠣᠩᠭᠣᠯ ᠤᠯᠤᠰ ᠲᠡᠬᠢ ᠲᠥᠷᠦ ᠶᠢᠨ ᠠᠷᠠᠳᠴᠢᠯᠠᠯ ᠥᠨᠥᠳᠥᠷ ᠮᠠᠰᠢ ᠡᠮᠵᠡᠭ ᠪᠠᠢᠭ᠎ᠠ ᠨᠢ ᠲᠡᠷᠡᠭᠠᠬᠢ ᠰᠢᠯᠲᠠᠭᠠᠨ ᠲᠠᠢ ᠪᠡᠢᠨ᠎ᠡ᠃ ᠳᠠᠯᠠᠢ ᠳᠤ ᠭᠠᠷᠴᠠ ᠦᠭᠡᠢ᠃ ᠶᠡᠭᠡ ᠪᠷᠢᠲ᠋ᠠᠨ ᠠᠴᠠ ᠵᠢᠷᠭᠤᠭ᠎ᠠ ᠳᠠᠬᠢᠨ ᠲᠣᠮᠤ ᠪᠣᠯᠪᠠᠴᠤ ᠬᠥᠮᠦᠨ ᠠᠮᠠ ᠨᠢ ᠠᠢᠷᠯᠡᠡᠳ᠋ ᠠᠴᠠ ᠴᠥᠭᠡᠨ᠂ ᠤᠷᠦᠰ᠂ ᠬᠢᠲᠠᠳ ᠬᠣᠶᠠᠷ ᠬᠦᠴᠦᠷᠭᠡᠭ ᠤᠯᠤᠰ ᠤᠨ ᠳᠤᠮᠳᠠ ᠣᠷᠣᠰᠢᠳᠠᠭ᠃ ᠮᠥᠨ ᠣᠷᠣᠰ ᠤᠨ ᠭᠠᠵᠠᠷ ᠤᠨ ᠲᠣᠰᠤ᠂ ᠪᠠᠢᠭᠠᠯᠢ ᠶᠢᠨ ᠬᠡᠢ ᠶᠢᠨ ᠢᠮᠫᠣᠷᠲ ᠤᠨ ᠬᠠᠮᠢᠶᠠᠷᠤᠯ ᠲᠠᠢ᠃ ᠬᠢᠲᠠᠳ ᠤᠷᠤᠭᠤ ᠨᠡᠭᠦᠷᠡᠰᠦ᠂ ᠠᠰᠢᠭᠲᠤ ᠮᠠᠯᠲᠠᠮᠠᠯ ᠪᠤᠯᠦᠠ ᠨᠣᠯᠤᠤᠷ ᠭᠠᠷᠭᠠᠳᠠᠭ᠃ ᠠᠩᠭ᠍ᠯᠢ᠂ ᠠᠦ᠋ᠰᠲᠷᠠᠯᠢᠶ᠎ᠠ ᠶᠢᠨ ᠬᠠᠮᠲᠤᠷᠠᠭᠰᠠᠨ ᠲᠣᠮᠤ ᠻᠣᠮᠫᠠᠨᠢ ᠷᠢᠤ᠋ ᠲᠢᠨᠲ᠋ᠤ᠋ ᠪᠠᠷ ᠵᠡᠰ︵ᠤᠭ᠍ᠶᠤᠲᠤᠯᠤᠭᠠᠢ ᠺᠣᠮᠫᠠᠨᠢ ᠶᠢ ᠵᠢᠭᠠᠵᠤ ᠪᠠᠢᠨ᠎ᠠ︶ᠤᠯᠪᠤᠷᠢᠯᠠᠭᠤᠯᠳᠠᠭ ᠵᠡᠷᠭᠡ ᠨᠢ ᠲᠥᠷᠦ ᠶᠢᠨ ᠠᠷᠠᠳᠴᠢᠯᠠᠭᠰᠠᠨ ᠪᠠᠢᠬᠤ ᠵᠠᠷᠴᠢᠮ ᠢ ᠬᠦᠴᠦ ᠦᠭᠡᠢᠳᠡᠭᠦᠯᠵᠦ ᠪᠡᠢᠨ᠎ᠡ᠃
ᠮᠣᠩᠭᠣᠯ ᠤᠨ ᠵᠡᠪᠰᠡᠭ᠍ᠲᠦ ᠬᠦᠴᠦᠨ ᠵᠢᠵᠢᠭ᠂ ᠠᠯᠢ ᠴᠤ ᠲᠣᠮᠤ ᠬᠥᠷᠰᠢ ᠶᠢᠨ ᠢᠶᠡᠨ ᠳᠣᠪᠲᠣᠯᠭ᠎ᠠ ᠶᠢ ᠰᠠᠭᠠᠷᠮᠠᠭᠵᠢᠭᠤᠯᠵᠤ ᠴᠢᠳᠠᠬᠤ ᠦᠭᠡᠢ᠃ ᠵᠡᠭᠦᠨ ᠠᠽᠢᠶ᠎ᠠ ᠶᠢᠨ ᠬᠠᠭᠤᠷᠠᠢ ᠭᠠᠵᠠᠷ ᠢᠶᠠᠷ ᠲᠤᠰᠠᠭᠠᠷᠯᠠᠭᠳᠠᠭᠰᠠᠨ ᠲᠤᠰ ᠤᠯᠤᠰ ᠦᠻᠷᠠᠢᠨ ᠰᠢᠭ ᠴᠡᠷᠢᠭ ᠤᠨ ᠳᠡᠮᠵᠢᠯᠭᠡ ᠬᠦᠯᠢᠶᠡᠵᠦ ᠠᠪᠬᠤ ᠪᠣᠯᠤᠮᠵᠢ ᠦᠭᠡᠶ ᠶᠤᠮ ᠃
ᠨᠡᠮᠡᠵᠦ ᠬᠡᠯᠡᠬᠦ ᠳᠤ ᠨᠠᠼᠢᠰᠲ ᠭᠧᠷᠮᠠᠨ ᠢ ᠢᠯᠠᠭᠰᠠᠨ 80 ᠵᠢᠯ ᠦᠨ ᠣᠢ ᠶᠢ ᠮᠣᠰᠺᠸᠠ ᠶᠢᠨ ᠬᠢᠨ ᠲᠠᠪᠤᠳᠤᠭᠠᠷ ᠰᠠᠷ᠎ᠠ ᠳᠤ ᠰᠦᠷ ᠳᠤᠤᠯᠢᠶᠠᠨ ᠲᠠᠢ ᠪᠠᠷ ᠲᠡᠮᠳᠡᠭ᠍ᠯᠡᠬᠦ ᠳᠤ ᠤ∙ ᠬᠦᠷᠡᠯᠰᠦ᠋ᠬᠡ ᠴᠤᠭᠯᠠᠭᠰᠠᠨ ᠣᠯᠠᠨ ᠤ ᠳᠤᠮᠳᠠ ᠪᠠᠢᠯᠴᠠᠭᠰᠠᠨ᠃ ᠫᠦᠲ᠋ᠢᠨ ᠢ ᠣᠯᠠᠨ ᠤᠯᠤᠰ ᠤᠨ ᠰᠢᠭᠦᠬᠦ ᠡᠴᠡ ᠪᠡᠷᠢᠪᠴᠢᠯᠡᠬᠤ ᠰᠢᠢᠳᠪᠦᠷᠢ ᠲᠠᠢ ᠬᠡᠳᠦᠶ ᠴᠤ ᠮᠣᠩᠭᠣᠯ ᠤᠯᠤᠰ ᠲᠤ ᠲᠥᠷᠦ ᠶᠢᠨ ᠠᠢᠯᠴᠢᠯᠠᠯ ᠬᠢᠵᠦ ᠤ∙ ᠬᠦᠷᠡᠯᠰᠦ᠋ᠬᠡ ᠨᠡᠢᠰᠯᠡᠯ ᠬᠣᠲᠠ ᠳᠠᠭᠠᠨ ᠨᠠᠢᠷᠰᠠᠭ ᠢᠶᠠᠷ ᠬᠦᠯᠢᠶᠡᠨ ᠠᠪᠤᠭᠰᠠᠨ ᠢ ᠦᠻᠷᠠᠢᠨ ᠪᠤᠷᠤᠭᠤᠰᠢᠶᠠᠵᠤ ᠪᠠᠢᠭᠰᠠᠨ ᠪᠢᠯᠡ ᠃ ᠡᠨᠡ ᠠᠢᠯᠴᠢᠯᠠᠯ ᠢ ᠶᠡᠷᠦᠩᠬᠡᠶ ᠰᠠᠢᠳ ᠯ∙ᠤᠶᠤᠡᠡᠷᠳᠡᠨᠢ ᠳᠡᠮᠵᠢᠭᠡ ᠦᠭᠡᠢ ᠭᠡᠳᠡᠭ ᠢ ᠵᠠᠰᠠᠭ ᠤᠨ ᠭᠠᠵᠠᠷ ᠤᠨ ᠡᠬᠢ ᠰᠤᠷᠪᠤᠯᠵᠢ ᠨᠤᠭᠤᠳ ᠮᠡᠳᠡᠭᠡᠯᠡᠵᠦ ᠪᠠᠢᠪᠠ ᠃
ᠯ∙ᠤᠶᠤᠡᠡᠷᠳᠡᠨᠢ ᠶᠢᠨ ᠭᠡᠷ ᠪᠦᠯᠢ ᠠᠪᠯᠢᠭ᠎ᠠ ᠠᠪᠤᠭᠰᠠᠨ ᠭᠡᠬᠦ ᠰᠢᠯᠲᠠᠭᠠᠨ ᠢᠶᠠᠷ ᠬᠡᠳᠦᠨ ᠳᠣᠯᠣᠭ᠎ᠠ ᠬᠣᠨᠤᠭ ᠦᠷᠭᠦᠯᠵᠢᠯᠡᠭ᠍ᠰᠡᠨ ᠡᠰᠡᠷᠭᠦᠴᠡᠯ ᠤᠨ ᠵᠢᠭ᠌ᠰᠠᠭᠠᠯ ᠪᠣᠯᠣᠭᠰᠠᠨ᠃ ᠦᠨᠭᠭᠡᠷᠡᠭ᠍ᠰᠡᠠ ᠳᠣᠯᠣᠭ᠎ᠠ ᠬᠣᠨᠣᠭ ᠲᠤ ᠤᠯᠤᠰ ᠤᠨ ᠶᠡᠬᠡ ᠬᠤᠷᠠᠯ ᠤᠨ ᠭᠡᠰᠢᠭᠦᠳ ᠤᠨ ᠳᠤᠮᠳᠠ ᠲᠡᠭᠦᠨ ᠳᠤ ᠢᠲᠡᠭᠡᠯ ᠬᠦᠯᠢᠶᠡᠯᠭᠡᠬᠦ ᠰᠠᠨᠠᠯ ᠬᠤᠷᠢᠶᠠᠬᠤ ᠳᠤ᠂ ᠣᠯᠠᠩᠬᠢ ᠨᠢ ᠳᠡᠮᠵᠢᠭ᠍ᠰᠡᠨ ᠦᠭᠡᠢ ᠪᠣᠯᠬᠣᠷ ᠯ∙ᠤᠶᠤᠡᠡᠷᠳᠡᠨᠢ ᠣᠭᠴᠣᠷᠠᠵᠤ ᠶᠡᠷᠦᠩᠬᠡᠶ ᠰᠠᠢᠳ ᠤᠨ ᠡᠭᠦᠷᠭᠡ ᠭᠦᠢᠴᠡᠳᠬᠡᠭ᠍ᠴᠢ ᠪᠡᠷ ᠠᠵᠢᠯᠯᠠᠵᠤ ᠪᠡᠢᠨ᠎ᠡ᠃ ᠲᠡᠭᠦᠨ ᠢ ᠶᠡᠷᠦᠩᠬᠡᠢᠢᠯᠡᠭ᠍ᠴᠢ ᠬᠦᠷᠡᠯᠰᠦ᠋ᠬᠡ ᠶᠢᠨ ᠬᠢᠭ᠍ᠰᠡᠨ《ᠲᠥᠷᠦ ᠶᠢᠨ ᠡᠷᠭᠢᠯᠲᠡ》 ᠶᠢᠨ ᠵᠣᠯᠢᠶᠠᠰᠤ ᠪᠣᠯᠪᠠ ᠭᠡᠵᠦ ᠦᠵᠡᠵᠦ ᠪᠠᠢᠭ᠎ᠠ ᠪᠥᠭᠡᠳ ᠶᠡᠷᠦᠩᠬᠡᠢᠢᠯᠡᠭ᠍ᠴᠢ ᠪᠡᠷ ᠤᠯᠠᠷᠢᠨ ᠰᠣᠩᠭᠣᠭᠳᠠᠵᠤ᠂ ᠲᠥᠷᠦ ᠶᠢᠨ ᠡᠷᠬᠡ ᠮᠡᠳᠡᠯ ᠢ ᠠᠪᠬᠤ ᠳᠤ ᠨᠢ ᠥᠪᠡᠷ ᠤᠨ《ᠤᠲᠠᠰᠤᠨ ᠬᠡᠦᠬᠡᠯᠳᠡᠢ》ᠪᠠᠢᠭᠰᠠᠨ ᠦᠭᠡᠢ ᠬᠡᠮᠡᠨ ᠣᠭᠴᠣᠷᠠᠭᠤᠯᠤᠯᠠ ᠭᠡᠵᠦ ᠵᠠᠷᠢᠮ ᠡᠬᠢ ᠰᠤᠷᠪᠤᠯᠵᠢ ᠦᠵᠡᠵᠦ ᠪᠡᠢᠨ᠎ᠡ᠃
ᠥᠩᠭᠡᠷᠡᠭ᠍ᠴᠢ ᠳᠠᠸᠠ ᠭᠠᠷᠠᠭ ᠲᠤ ᠮᠣᠩᠭᠣᠯ ᠠᠷᠠᠳ ᠤᠨ ᠨᠠᠮ ᠠᠴᠠ ᠯ∙ᠤᠶᠤᠡᠡᠷᠳᠡᠨᠢ ᠶᠢᠨ ᠣᠷᠣᠨ ᠳᠤ ᠤ∙ ᠬᠦᠷᠡᠯᠰᠦ᠋ᠬᠡ ᠶᠢᠨ ᠣᠢᠷ᠎ᠠ ᠶᠢᠨ ᠬᠠᠮᠰᠡᠭᠠᠳᠡᠠ ᠭᠣᠮᠪᠣᠵᠠᠪ ᠤᠨ ᠽᠠᠨᠳᠠᠨᠰᠢᠲᠠᠷ᠎ᠠ ᠶᠢ ᠶᠡᠷᠦᠩᠬᠡᠶ ᠰᠠᠢᠳ ᠲᠤ ᠨᠡᠷ᠎ᠡ ᠳᠡᠪᠰᠢᠭᠦᠯᠦᠭ᠍ᠰᠡᠨ᠃ ᠤᠯᠤᠰ ᠤᠨ ᠶᠡᠬᠡ ᠬᠤᠷᠠᠯ ᠤᠨ ᠴᠢᠭᠤᠯᠭᠠᠨ ᠫᠦᠷᠪᠦ ᠭᠠᠷᠠᠭ ᠲᠤ ᠲᠡᠭᠦᠨ ᠢ ᠲᠣᠮᠢᠯᠠᠬᠤ ᠡᠰᠡᠬᠦ ᠠᠰᠠᠭᠤᠳᠠᠯ ᠢᠶᠠᠷ ᠰᠠᠨᠠᠯ ᠬᠤᠷᠢᠶᠡᠬᠤ ᠪᠣᠯᠤᠨ᠎ᠠ᠃ ᠯ∙ᠤᠶᠤᠡᠡᠷᠳᠡᠨᠢ ᠥᠪᠡᠷ ᠢ ᠪᠠᠨ ᠠᠪᠯᠢᠭ᠎ᠠ ᠠᠪᠤᠭ᠎ᠠ ᠦᠭᠡᠶ ᠭᠡᠳᠡᠭ ᠢᠶᠡᠨ ᠪᠠᠲᠤᠯᠠᠵᠤ ᠪᠠᠢᠭ᠎ᠠ ᠪᠥᠭᠡᠳ ᠡᠨᠡ ᠨᠢ ᠤᠯᠤᠰ ᠲᠥᠷᠦ ᠶᠢᠨ ᠣᠯᠠᠨ ᠭᠦᠳᠬᠡᠯᠭᠡ ᠶᠢᠨ ᠨᠢᠭᠡ ᠭᠡᠵᠦ ᠦᠵᠡᠵᠦ ᠪᠡᠢᠨ᠎ᠡ᠃ ᠲᠤᠰ ᠤᠯᠤᠰ ᠤᠨ ᠦᠨᠳᠦᠰᠦᠨ ᠬᠠᠤᠯᠢ ᠳᠤ ᠶᠡᠷᠦᠩᠬᠡᠶ ᠰᠠᠢᠳ ᠢ ᠤᠯᠤᠰ ᠤᠨ ᠶᠡᠬᠡ ᠬᠤᠷᠠᠯ ᠠᠴᠠ ᠰᠣᠩᠭᠣᠵᠤ ᠲᠣᠮᠢᠯᠠᠳᠠᠭ ᠪᠣᠯ ᠶᠡᠷᠦᠩᠬᠡᠢᠯᠡᠭ᠍ᠴᠢ ᠶᠢ ᠪᠦᠬᠦ ᠨᠡᠢᠲᠡ ᠶᠢᠨ ᠰᠣᠩᠭᠣᠭᠤᠯᠢ ᠪᠡᠷ ᠰᠢᠭᠤᠦᠠ ᠰᠣᠩᠭᠣᠳᠠᠭ᠃ ᠶᠡᠷᠦᠩᠬᠡᠢᠢᠯᠡᠭ᠍ᠴᠢ ᠵᠡᠪᠰᠡᠭ᠍ᠲᠦ ᠬᠦᠴᠦᠨ ᠤ ᠶᠡᠷᠦᠩᠬᠡᠶ ᠺᠣᠮᠠᠨᠳ᠋ᠯᠠᠭ᠌ᠴᠢ᠂ ᠮᠥᠨ ᠰᠢᠭᠦᠭ᠍ᠴᠢᠳ ᠢ ᠲᠣᠮᠢᠯᠠᠬᠤ ᠳᠤ ᠣᠷᠤᠯᠴᠠᠭᠠᠲᠠᠢ ᠪᠠᠢᠳᠠᠭ᠃
ᠡᠨᠡ ᠵᠢᠯ 56 ᠨᠠᠰᠤᠲᠠᠢ ᠬᠦᠷᠡᠯᠰᠦ᠋ᠬᠡ ᠶᠢᠨ ᠶᠡᠷᠦᠩᠬᠡᠢᠢᠯᠡᠭ᠍ᠴᠢ ᠶᠢᠨ ᠪᠦᠷᠢᠠ ᠡᠷᠬᠡ ᠶᠢᠨ ᠬᠤᠭᠤᠴᠠᠭ᠎ᠠ ᠵᠢᠷᠭᠤᠭᠠᠨ ᠵᠢᠯ ᠂ 2027 ᠣᠨ ᠳᠤ ᠡᠷᠬᠡ ᠨᠢ ᠳᠠᠭᠤᠰᠤᠨ᠎ᠠ᠃ ᠲᠡᠷᠡ ᠶᠡᠷᠦᠩᠬᠡᠢᠢᠯᠡᠭ᠍ᠴᠢ ᠪᠡᠷ ᠳᠠᠬᠢᠨ ᠰᠣᠩᠭᠣᠭᠳᠠᠬᠤ ᠪᠦᠷᠢᠠ ᠡᠷᠬᠡ ᠠᠪᠬᠤ ᠪᠣᠯᠣᠮᠵᠢ ᠶᠢ ᠣᠯᠬᠤ ᠶᠢᠨ ᠲᠤᠯᠠᠳᠠ ᠦᠨᠳᠦᠰᠦᠨ ᠬᠠᠤᠯᠢ ᠳᠤ ᠥᠭᠡᠷᠡᠴᠢᠯᠡᠯᠲᠡ ᠣᠷᠣᠭᠤᠯᠬᠤ ᠲᠠᠯ᠎ᠠ ᠪᠠᠷ ᠤᠶᠤᠡᠡᠷᠳᠡᠨᠢ ᠳᠦ ᠰᠢᠬᠠᠯᠲᠠ ᠦᠵᠡᠭᠦᠯᠵᠦ ᠪᠠᠢᠭᠰᠠᠨ ᠭᠡᠵᠦ ᠵᠠᠰᠠᠭ ᠤᠨ ᠭᠠᠵᠠᠷ ᠤᠨ ᠡᠬᠢ ᠰᠤᠷᠪᠤᠯᠵᠢ ᠮᠡᠳᠡᠭ᠍ᠳᠡᠵᠦ ᠪᠡᠢᠨ᠎ᠡ᠃ ᠯ∙ᠤᠶᠤᠡᠡᠷᠳᠡᠨᠢ ᠡᠭᠦᠨ ᠢ ᠦᠷᠭᠦᠯᠵᠢ ᠡᠰᠡᠷᠭᠦᠴᠡᠳᠡᠭ ᠪᠠᠢᠭᠰᠠᠨ ᠴᠤ 23 ᠨᠠᠰᠤᠲᠠᠢ ᠬᠦᠦ ᠲᠡᠮᠡᠤᠯᠤᠨ ᠤ ᠬᠢᠨᠢ ᠨᠠᠢᠵᠠ ᠪᠦᠰᠡᠭᠦᠢ ᠣᠯᠠᠨ ᠨᠡᠢᠲᠡ ᠶᠢᠨ ᠰᠦᠯᠵᠢᠶ᠎ᠡ ᠪᠡᠷ ᠲᠠᠩᠰᠤᠭ ᠵᠡᠷᠭᠡᠯᠡᠯ ᠦᠨ ᠭᠠᠷ ᠴᠦᠩᠬᠦ᠂ ᠦᠨ᠎ᠡ ᠲᠠᠢ ᠪᠥᠭᠡᠵᠢ᠂ ᠪᠧᠨᠰ ᠮᠠᠷᠺ ᠤᠨ ᠮᠠᠰᠢᠨ ᠲᠡᠷᠭᠡ ᠪᠡᠨ ᠭᠠᠢᠬᠠᠭᠤᠯᠤᠭᠰᠠᠨ ᠤ ᠳᠠᠷᠠᠭ᠎ᠠ ᠣᠯᠠᠨ ᠨᠡᠢᠲᠡ ᠶᠢᠨ ᠬᠠᠨᠳᠤᠯᠭ᠎ᠠ ᠲᠡᠭᠦᠨ ᠤ ᠡᠰᠡᠷᠭᠦ ᠡᠷᠭᠢᠵᠤ᠂ ᠡᠷᠬᠡ ᠪᠠᠷᠢᠭ᠌ᠴᠢᠳ ᠠᠯᠪᠠᠨ ᠲᠤᠰᠢᠶᠠᠯ ᠢᠶᠠᠨ ᠠᠰᠢᠭ᠌ᠯᠠᠨ ᠠᠪᠯᠢᠭ᠎ᠠ ᠠᠪᠳᠠᠭ ᠭᠡᠰᠡᠨ ᠬᠠᠷᠠᠳᠠᠯᠭ᠎ᠠ ᠶᠢ ᠮᠣᠩᠭᠣᠯᠴᠤᠳ ᠲᠤ ᠲᠥᠷᠥᠭᠦᠯᠵᠦ ᠤᠯᠠᠭᠠᠨᠪᠠᠭᠠᠲᠤᠷ ᠬᠣᠲᠠ ᠶᠢᠨ ᠰᠦᠬᠡᠪᠠᠭᠠᠲᠤᠷ ᠤᠨ ᠲᠠᠯᠠᠪᠠᠢ ᠳᠤ ᠵᠢᠭ᠌ᠰᠠᠵᠤ ᠡᠬᠢᠯᠡᠭ᠍ᠰᠡᠨ ᠪᠡᠢᠨ᠎ᠡ᠃ ᠯ∙ᠤᠶᠤᠡᠡᠷᠳᠡᠨᠢ ᠭᠡᠷ ᠪᠦᠯᠢ ᠶᠢᠨ ᠢᠶᠡᠨ ᠪᠦᠬᠦ ᠬᠥᠷᠥᠩᠭᠡ ᠶᠢ ᠴᠠᠯᠢᠩ ᠪᠤᠯᠦᠠ ᠥᠪᠡᠷ ᠤᠨ ᠡᠵᠡᠮᠰᠢᠳᠡᠭ ᠺᠢᠨᠣ᠋ ᠫᠷᠤᠳᠠᠺᠱᠢᠨ ᠠᠴᠠ ᠪᠠᠨ ᠣᠯᠳᠠᠭ᠂ ᠡᠭᠦᠨ ᠢ ᠪᠡᠨ ᠪᠠᠲᠤᠯᠠᠵᠤ ᠴᠢᠳᠠᠨ᠎ᠠ ᠭᠡᠵᠦ ᠮᠡᠳᠡᠭ᠍ᠳᠡᠵᠦ ᠪᠡᠢᠨ᠎ᠡ ᠃
ᠲᠡᠷᠡ᠄ ᠡᠨᠡ ᠵᠢᠭ᠌ᠰᠠᠭᠠᠯ ᠢ ᠵᠠᠯᠠᠭᠤᠴᠤᠳ ᠥᠪᠡᠷᠰᠡᠳ ᠢᠶᠠᠨ ᠰᠠᠨᠠᠭᠠᠴᠢᠯᠠᠵᠤ ᠵᠢᠭ᠌ᠰᠠᠭᠠ ᠦᠭᠡᠢ᠂ ᠵᠠᠷᠢᠮ ᠨᠢᠭᠡ ᠵᠢᠭ᠌ᠰᠠᠭ᠌ᠴᠢ ᠥᠪᠡᠷ ᠤᠨ ᠦᠵᠡᠯ ᠪᠠᠷᠢᠮᠲᠠᠯᠠᠯ ᠢᠶᠠᠷ ᠣᠷᠭᠠᠨᠢᠭ ᠢᠶᠠᠷ ᠵᠢᠭ᠌ᠰᠠᠭᠠᠯ ᠳᠤ ᠨᠢᠭᠡᠳᠦᠭ᠍ᠰᠡᠨ ᠪᠠᠢᠵᠤ ᠪᠣᠯᠬᠤ ᠴᠤ ᠵᠣᠷᠢᠭᠤᠳᠠ ᠪᠠᠷ ᠵᠣᠬᠢᠶᠠᠨ ᠪᠠᠢᠭᠤᠯᠤᠭᠰᠠᠨ ᠵᠢᠭ᠌ᠰᠠᠭᠠᠯ᠂ ᠡᠨᠡ ᠪᠣᠯ ᠮᠢᠨᠦ ᠬᠦᠦ ᠶᠢ ᠠᠰᠢᠭ᠌ᠯᠠᠨ ᠨᠠᠮ᠎ᠠ ᠶᠢ ᠭᠦᠳᠬᠡᠬᠦ ᠤᠯᠤᠰ ᠲᠥᠷᠦ ᠶᠢᠨ ᠺᠠᠮᠫᠠᠨᠢᠲᠤ ᠠᠵᠢᠯ ᠪᠠᠢᠭᠰᠠᠨ ᠭᠡᠵᠦ ᠬᠡᠯᠡᠵᠦ ᠪᠡᠢᠨ᠎ᠡ᠃
ᠮᠣᠩᠭᠣᠯ ᠤᠯᠤᠰ ᠤᠨ ᠰᠲᠷᠠᠲ᠋ᠧᠭᠢ ᠶᠢᠨ ᠠᠴᠢ ᠬᠣᠯᠪᠣᠭᠳᠠᠯ ᠪᠦᠬᠦᠢ ᠠᠭᠤᠷᠬᠠᠢ ᠨᠤᠭᠤᠳ ᠤᠨ 34 ᠬᠤᠪᠢ ᠶᠢ ᠲᠥᠷᠦ ᠪᠤᠴᠠᠭᠠᠨ ᠠᠪᠴᠤ᠂ ᠪᠠᠶᠠᠯᠢᠭ ᠤᠨ ᠰᠠᠩ ᠪᠡᠢᠭᠤᠯᠬᠤ ᠨᠢ ᠨᠦᠯᠤᠬᠡ ᠪᠦᠬᠦᠢ ᠪᠢᠽᠨᠧᠰ ᠡᠷᠬᠢᠯᠡᠭ᠍ᠴᠢ ᠨᠠᠷ ᠲᠤ ᠬᠦᠨᠳᠦ ᠴᠣᠬᠢᠯᠲᠠ ᠪᠣᠯᠬᠤ ᠶᠤᠮ᠃ ᠡᠢᠨ ᠬᠦ ᠪᠠᠶᠠᠯᠢᠭ ᠤᠨ ᠰᠠᠩ ᠪᠡᠢᠭᠤᠯᠬᠤ ᠠᠵᠢᠯ ᠨᠢ ᠲᠡᠭᠦᠨ ᠢ ᠣᠯᠠᠨ ᠳᠠᠢᠰᠤᠨ ᠲᠠᠢ ᠪᠣᠯᠭᠠᠭᠰᠠᠨ ᠭᠡᠵᠦ ᠵᠠᠷᠢᠮ ᠠᠯᠪᠠᠨ ᠤ ᠡᠬᠢ ᠰᠤᠷᠪᠤᠯᠵᠢ ᠮᠡᠳᠡᠭᠡᠯᠡᠵᠦ ᠪᠡᠢᠨ᠎ᠡ᠃
ᠭᠡᠪᠡᠴᠦ ᠶᠡᠷᠦᠩᠬᠡᠶ ᠰᠠᠢᠳ ᠢ ᠡᠰᠡᠷᠭᠦᠴᠡᠭ᠍ᠰᠡᠨ ᠵᠢᠭ᠌ᠰᠠᠭᠠᠯ ᠢ ᠵᠣᠷᠢᠭᠤᠳᠠ ᠪᠠᠷ ᠵᠣᠬᠢᠶᠠᠨ ᠪᠠᠢᠭᠤᠯᠤᠭᠰᠠᠨ ᠭᠡᠬᠦ ᠶᠡᠮᠡᠷ ᠴᠤ ᠨᠤᠲᠠᠯᠠᠬᠤ ᠪᠠᠷᠢᠮᠲᠠ ᠪᠠᠢᠬᠤ ᠦᠭᠡᠶ ᠪᠠᠢᠭ᠎ᠠ ᠶᠤᠮ ᠪᠡᠢᠨ᠎ᠡ᠃ ᠤᠯᠤᠰ ᠲᠥᠷᠦ ᠶᠢᠨ ᠳᠠᠷᠤᠮᠲᠠ ᠰᠢᠬᠠᠯᠲᠠ ᠠᠴᠠ ᠡᠭᠦᠳᠦᠨ ᠯ∙ᠤᠶᠤᠡᠡᠷᠳᠡᠨᠢ ᠶᠢᠨ ᠲᠡᠷᠢᠭᠦᠯᠡᠭ᠍ᠰᠡᠨ ᠦᠨᠳᠦᠰᠦᠨ ᠤ ᠡᠪ ᠨᠢᠭᠡᠳᠦᠯ ᠦᠨ ᠵᠠᠰᠠᠭ ᠤᠨ ᠭᠠᠵᠠᠷ ᠨᠢ ᠠᠷᠠᠳᠴᠢᠯᠠᠭᠰᠠᠨ ᠨᠠᠮ ᠵᠠᠰᠠᠭ ᠠᠴᠠ ᠭᠠᠷᠤᠭᠰᠠᠨ ᠢᠶᠠᠷ ᠶᠡᠷᠦᠩᠬᠡᠶ ᠰᠠᠢᠳ ᠢ ᠤᠨᠡᠭᠠᠬᠤ ᠨᠢᠭᠡ ᠬᠦᠴᠦᠨ ᠵᠦᠢᠯ ᠪᠣᠯᠣᠯ᠎ᠠ ᠭᠡᠵᠡᠢ᠃