ᠡᠮᠦᠨᠡᠳᠦ ᠰᠣᠯᠤᠩᠭᠤᠰ ᠤᠨ ᠵᠤᠨᠪᠤᠺ ᠮᠤᠵᠢ ᠶᠢᠨ ᠤᠳᠤᠷᠢᠳᠤᠯᠭ᠎ᠠ ᠨᠠᠷ ᠥᠩᠭᠡᠷᠡᠭ᠍ᠴᠢ ᠳᠣᠯᠣᠭ᠎ᠠ ᠬᠣᠨᠣᠭ ᠲᠤ ᠡᠮᠦᠨᠡᠭᠤᠪᠢ ᠠᠢᠮᠠᠭ ᠲᠤ ᠠᠢᠯᠴᠢᠯᠠᠵᠤ᠂ ᠳᠠᠯᠠᠨᠵᠠᠳᠠᠭᠠᠢᠲᠤ ᠬᠣᠲᠠ ᠶᠢᠨ《ᠬᠦᠯᠡᠮᠵᠢ ᠶᠢᠨ ᠴᠣᠭᠴᠠᠯᠠᠪᠤᠷᠢ ᠠᠵᠤ ᠠᠬᠤᠢ ᠶᠢᠨ ᠫᠠᠷᠺ》ᠲᠠᠢ ᠲᠠᠨᠢᠯᠴᠠᠵᠠᠢ᠃ ᠡᠨᠡ ᠦᠶ᠎ᠡ ᠪᠡᠷ ᠬᠦᠯᠡᠮᠵᠢ ᠶᠢᠨ ᠠᠵᠢᠯᠲᠠᠳ ᠭᠣᠪᠢ ᠳᠤ ᠤᠰᠤᠨ ᠦᠵᠦᠮ ᠲᠠᠷᠢᠬᠤ ᠭᠤᠷᠪᠠᠨ ᠵᠢᠯ ᠦᠨ ᠲᠤᠷᠰᠢᠯᠲᠠ᠂ ᠰᠤᠳᠤᠯᠭᠠᠨ ᠤ ᠦᠷ᠎ᠡ ᠳ᠋ᠦᠩ ᠢᠶᠡᠨ ᠲᠠᠨᠢᠯᠴᠠᠭᠤᠯᠤᠭᠰᠠᠨ ᠪᠠᠢᠨ᠎ᠠ᠃
ᠬᠥᠳᠡᠭᠡ ᠠᠵᠤ ᠠᠬᠤᠢ ᠶᠢᠨ ᠶᠡᠬᠡ ᠰᠤᠷᠭᠠᠭᠤᠯᠢ ᠶᠢ ᠠᠭᠷᠣᠨᠣᠮᠢᠴᠢ ᠮᠡᠷᠭᠡᠵᠢᠯ ᠢᠶᠡᠷ ᠳᠦᠭᠦᠷᠭᠡᠭ᠍ᠰᠡᠨ ᠡ᠊· ᠡᠷᠬᠡᠪᠠᠶᠠᠷ᠂ ᠪ ∙ᠲᠡᠭ᠍ᠰᠢᠵᠢᠷᠭᠠᠯ 2022 ᠣᠨ ᠳᠤ ᠶᠠᠫᠤᠨ ᠤᠯᠤᠰ ᠲᠤ ᠮᠡᠷᠭᠡᠵᠢᠯ ᠳᠡᠭᠡᠭ᠍ᠰᠢᠯᠡᠭᠦᠯᠦᠭᠡᠳ ᠢᠷᠡᠬᠦ ᠳᠤ ᠪᠠᠨ ᠡᠨᠡ ᠮᠣᠳᠤᠨ ᠤ ᠰᠠᠭᠤᠯᠭᠠᠴᠠ ᠶᠢ ᠠᠪᠴᠢᠷᠠᠵᠤ᠂ 2023 ᠣᠨ ᠤ ᠲᠠᠪᠤᠳᠤᠭᠠᠷ ᠰᠠᠷ᠎ᠠ ᠳᠤ ᠬᠦᠯᠡᠮᠵᠢᠨ ᠳᠦ ᠰᠢᠯᠵᠢᠭᠦᠯᠦᠨ ᠰᠠᠭᠤᠯᠭᠠᠵᠠᠢ᠃ ᠣᠳᠤ ᠪᠠᠷ ᠤᠭ ᠮᠣᠳᠣᠨ ᠠᠴᠠ ᠭᠤᠷᠪᠠᠨ ᠪᠠᠭᠴᠠ ᠵᠢᠮᠢᠰ ᠤᠷᠭᠤᠭᠠᠳ ᠪᠠᠢᠭ᠎ᠠ ᠪᠥᠭᠡᠳ ᠬᠦᠯᠡᠮᠵᠢᠨ ᠳᠦ ᠨᠢᠭᠡ ᠡᠴᠡ ᠬᠣᠶᠠᠷ ᠬᠦᠷᠲᠡᠯᠡᠬᠢ ᠨᠠᠰᠤᠨ ᠤ ᠨᠡᠢᠲᠡ 23 ᠰᠠᠭᠤᠯᠭᠠᠴᠠ ᠦᠷᠡᠰᠯᠡᠭᠦᠯᠦᠭᠡᠳ ᠪᠠᠢᠭ᠎ᠠ ᠶᠤᠮ ᠃
ᠡᠮᠦᠨᠡᠳᠦ ᠰᠣᠯᠤᠩᠭᠤᠰ ᠤᠨ ᠬᠥᠷᠥᠩᠭᠡ ᠣᠷᠤᠭᠤᠯᠤᠯᠲᠠ ᠪᠠᠷ ᠪᠠᠢᠭᠤᠯᠤᠭᠰᠠᠨ《ᠬᠦᠯᠡᠮᠵᠢ ᠶᠢᠨ ᠴᠣᠭᠴᠠᠯᠠᠪᠤᠷᠢ ᠠᠵᠤ ᠠᠬᠤᠢ ᠶᠢᠨ ᠫᠠᠷᠺ》ᠨᠢ ᠣᠷᠣᠨ ᠨᠤᠲᠤᠭ ᠤᠨ ᠰᠤᠮᠤ ᠳᠤᠮᠳᠠ ᠶᠢᠨ 50 ᠭᠠ ᠲᠠᠯᠠᠪᠠᠢ ᠲᠠᠢ᠃ ᠡᠭᠦᠨ ᠠᠴᠠ 1.2 ᠭᠠ ᠭᠠᠵᠠᠷ ᠲᠤ ᠬᠦᠯᠡᠮᠵᠢ ᠪᠠᠢᠭᠤᠯᠤᠨ ᠲᠠᠷᠢᠶᠠᠯᠠᠯᠲᠠ ᠶᠠᠪᠤᠭᠤᠯᠵᠤ ᠪᠡᠢᠨ᠎ᠡ ᠃