ᠪᠠᠶᠠᠨ ᠥᠯᠥᠭᠡᠶ ᠠᠢᠮᠠᠭ ᠤᠨ ᠪᠤᠯᠠᠭᠠᠨ ᠰᠤᠮᠤ ᠶᠢᠨ ᠤᠯᠠᠭᠠᠨ ᠳᠠᠪᠠᠭ᠎ᠠ ᠭᠡᠮᠡᠬᠦ ᠭᠠᠵᠠᠷ ᠠᠴᠠ ᠨᠤᠲᠤᠭ ᠤᠨ ᠢᠷᠭᠡᠠ ᠠ∙ᠠᠨᠰᠠᠭᠠᠨ᠂ ᠬ∙ᠠᠮᠠᠨᠵᠤᠯ᠂ ᠶᠡ∙ᠠᠮᠠᠨᠪᠧᠺ ᠨᠠᠷ ᠤᠨ 2024 ᠣᠨ ᠤ ᠲᠠᠪᠤᠳᠤᠭᠠᠷ ᠰᠠᠷ᠎ᠠ ᠳᠤ ᠣᠯᠣᠭᠰᠠᠨ ᠮᠥᠩᠭᠥᠨ ᠭᠡᠷᠡᠭᠡ ᠶᠢ ᠬᠤᠯᠪᠦᠬᠳᠡᠬᠤ ᠬᠠᠤᠯᠢ ᠲᠣᠭᠲᠠᠭᠠᠮᠵᠢ ᠶᠢᠨ ᠳᠠᠭᠠᠤ ᠲᠥᠷᠦ ᠶᠢᠨ ᠥᠮᠴᠢ ᠳᠤ ᠰᠢᠯᠵᠢᠬᠦᠯᠬᠦ ᠠᠵᠢᠯ ᠢ ᠤᠯᠠᠭᠠᠨᠪᠠᠭᠠᠲᠤᠷ ᠬᠣᠲᠠ ᠶᠢᠨ ᠢᠷᠭᠡᠠ ᠵ∙ ᠣᠳᠬᠤᠨᠵᠢᠷᠭᠠᠯ ᠵᠣᠬᠢᠶᠠᠨ ᠪᠠᠢᠭᠤᠯᠪᠠ ᠃
ᠰᠤᠳᠤᠯᠤᠭᠠᠴᠢᠳ ᠤᠨ ᠦᠵᠡᠵᠦ ᠪᠠᠢᠭ᠎ᠠ ᠪᠡᠷ ᠮᠥᠩᠭᠥᠨ ᠭᠡᠷᠡᠭᠡ ᠨᠢ ᠶᠡᠭᠡ ᠶᠤᠸᠠᠨ ᠤᠯᠤᠰ ᠤᠨ ᠦᠶ᠎ᠡ ᠳᠤ ᠳᠥᠷᠪᠡᠯᠵᠢᠨ ᠦᠰᠦᠭ ᠢᠶᠡᠷ ᠪᠢᠴᠢᠵᠡᠢ ᠃ ᠪᠢᠴᠢᠭ ᠢ ᠭᠠᠯᠢᠭ᠌ᠯᠠᠪᠠᠯ《möngke tengri yin küčün dür qaɣan nere qutuɣtai boltuqai ken ülu buširegu aldaqu ükügü》᠂ ᠤᠳᠬᠠᠴᠢᠯᠠᠪᠠᠯ᠂《ᠮᠥᠩᠬᠡ ᠲᠡᠭ᠍ᠷᠢ ᠶᠢᠨ ᠬᠦᠴᠦᠨ ᠳ᠋ᠤᠷ ᠬᠠᠭᠠᠨ ᠤ ᠨᠡᠷ᠎ᠡ ᠬᠤᠲᠤᠭᠲᠠᠢ ᠪᠤᠯᠲᠦᠭᠠᠢ ᠬᠡᠨ ᠦᠯᠦ ᠪᠢᠰᠢᠷᠡᠪᠡᠰᠦ ᠠᠯᠳᠡᠬᠤ ᠂ ᠦᠬᠦᠬᠦ》ᠭᠡᠰᠡᠨ ᠤᠳᠬ᠎ᠠ ᠲᠠᠢ ᠪᠡᠢᠨ᠎ᠡ ᠃ ᠥᠨᠥᠳᠥᠷ ᠦᠨ ᠪᠠᠢᠳᠠᠯ ᠢᠶᠠᠷ ᠮᠣᠩᠭᠣᠯ ᠤᠯᠤᠰ ᠠᠴᠠ ᠣᠯᠳᠠᠭᠰᠠᠨ ᠮᠥᠩᠭᠥᠨ ᠭᠡᠷᠡᠭᠡ ᠲᠠᠢ ᠢᠵᠢᠯ ᠲᠥᠰᠲᠠᠢ ᠳᠤᠷᠠᠰᠬᠠᠯ ᠣᠷᠣᠰ᠂ ᠠᠮᠧᠷᠢᠺᠠ ᠳᠤ ᠭᠤᠷᠪᠠᠨ ᠰᠢᠷᠭᠡᠭ ᠮᠡᠳᠡᠭ᠍ᠳᠡᠵᠦ ᠪᠠᠢᠭ᠎ᠠ ᠪᠢᠯᠡ᠃