ᠮᠣᠩᠭᠣᠯ ᠤᠨ ᠦᠨᠳᠦᠰᠦᠨ ᠤ ᠬᠠᠷᠪᠤᠭᠠᠴᠢᠳ ᠤᠨ ᠬᠣᠯᠪᠣᠭᠠᠨ ᠠᠴᠠ 2025 ᠣᠨ ᠤ ᠡᠷᠡᠭ᠍ᠲᠡᠢ᠂ ᠡᠮᠡᠭ᠍ᠳᠡᠢ ᠪᠠᠭ ᠤᠨ ᠨᠠᠰᠤᠨ ᠳᠤ ᠬᠦᠷᠦᠭ᠍ᠰᠡᠳ ᠦᠨ ᠤᠯᠤᠰ ᠤᠨ ᠠᠪᠤᠷᠭᠤ ᠰᠢᠯᠭᠠᠷᠠᠭᠤᠯᠬᠤ ᠲᠡᠮᠡᠴᠡᠭᠡᠨ ᠢ ᠵᠣᠬᠢᠶᠠᠨ ᠪᠠᠢᠭᠤᠯᠤᠯ᠎ᠠ᠃ ᠡᠷᠡᠭ᠍ᠲᠡᠢᠴᠦᠳ ᠤᠨ ᠠᠩᠭᠢᠯᠠᠯ ᠳᠤ 47 ᠂ ᠡᠮᠡᠭ᠍ᠲᠡᠢᠴᠦᠳ ᠲᠤ 36 ᠪᠠᠭ ᠣᠷᠣᠯᠴᠠᠭᠰᠠᠨ ᠡᠨᠡ ᠬᠦ ᠲᠡᠮᠡᠴᠡᠭᠡᠨ ᠤ ᠬᠡᠰᠡᠭ ᠦᠨ᠂ ᠬᠠᠭᠠᠰ ᠰᠢᠭ᠍ᠰᠢᠭᠡ ᠲᠣᠭᠯᠠᠯᠲᠠ ᠨᠤᠭᠤᠳ ᠨᠠᠯᠠᠢᠬᠤ ᠲᠡᠭᠦᠷᠭᠡ ᠶᠢᠨ《ᠪᠦᠰᠡ ᠨᠠᠭᠤᠷ》ᠵᠢᠷᠤᠬᠠᠢ ᠳᠤ ᠪᠣᠯᠵᠠᠢ᠃ ᠬᠠᠷᠢᠨ ᠮᠧᠳᠠᠯ ᠤᠨ ᠲᠥᠯᠥᠭᠡᠬᠢ ᠬᠠᠷᠪᠤᠭ᠎ᠠ ᠨᠡᠢᠰᠯᠡᠯ ᠦᠨ ᠲᠥᠪ ᠵᠢᠷᠤᠬᠠᠢ ᠳᠤ ᠪᠣᠯᠵᠤ ᠠᠪᠤᠷᠭᠤ ᠨᠤᠭᠤᠳ ᠢᠶᠠᠨ ᠲᠣᠳᠤᠷᠠᠭᠤᠯᠤᠭᠰᠠᠨ ᠪᠡᠢᠨ᠎ᠡ ᠃
ᠪᠠᠭ ᠤᠨ ᠡᠷᠡᠭ᠍ᠲᠡᠢᠴᠦᠳ ᠤᠨ ᠬᠠᠷᠪᠤᠭᠠᠨ ᠳᠤ ᠭᠣᠪᠢ ᠠᠯᠲᠠᠢ ᠠᠢᠮᠠᠭ ᠤᠨ 《ᠵᠠᠰᠠᠭᠲᠤ ᠬᠠᠨ》ᠺᠯᠦ᠋ᠪ᠂ ᠡᠮᠡᠭ᠍ᠲᠡᠢᠴᠦᠳ ᠤᠨ ᠠᠩᠭᠢᠯᠠᠯ ᠳᠤ ᠬᠡᠨᠲᠡᠢ ᠠᠢᠮᠠᠭ ᠦᠨ 《 ᠰᠡᠴᠡᠨ ᠬᠠᠭᠠᠨ ᠤ ᠮᠡᠷᠭᠡᠳ 》ᠲᠡᠷᠢᠬᠦᠠ ᠪᠠᠢᠷᠢ ᠳᠤ ᠰᠢᠯᠭᠠᠷᠠᠪᠠ᠃