ᠨᠢᠳᠧᠷᠯᠠᠨᠳ᠋︵ᠬᠤᠯᠯᠠᠨᠳ᠋︶ᠤᠯᠤᠰ ᠲᠤ ᠪᠣᠯᠣᠭᠰᠠᠨ ᠪᠣᠺᠰ ᠤᠨ ᠳᠡᠯᠡᠬᠡᠢ ᠶᠢᠨ ᠴᠣᠮᠣ ᠶᠢᠨ ᠠᠪᠤᠷᠭᠤ ᠰᠢᠯᠭᠠᠷᠠᠭᠤᠯᠬᠤ ᠲᠡᠮᠡᠴᠡᠭᠡᠨ ᠳᠤ ᠮᠣᠩᠭᠣᠯ ᠤᠨ ᠲᠠᠮᠢᠷᠴᠢᠳ ᠲᠠᠪᠤᠨ ᠠᠯᠳᠠ ᠂ ᠨᠢᠭᠡ ᠮᠥᠩᠭᠥᠨ ᠮᠧᠳᠠᠯ ᠬᠦᠷᠲᠡᠵᠡᠢ ᠃
ᠣᠯᠠᠨ ᠤᠯᠤᠰ ᠤᠨ《ᠠ》ᠵᠡᠷᠭᠡᠯᠡᠯ ᠲᠠᠢ ᠤᠭ ᠲᠡᠮᠡᠴᠡᠭᠡᠨ ᠤ ᠡᠮᠡᠭ᠍ᠲᠡᠢᠴᠦᠳ ᠤᠨ 54 ᠺᠢᠯᠣᠭ᠍ᠷᠠᠮ ᠵᠢᠩ ᠦᠨ ᠰᠢᠭ᠍ᠰᠢᠭᠡ ᠳᠦ ᠣ∙ ᠶᠢᠰᠦᠭᠡᠨ ᠂ ᠮ ∙ᠡᠩᠬᠡᠵᠢᠷᠭᠠᠯ ᠨᠠᠷ ᠰᠢᠯᠭᠠᠷᠠᠵᠤ᠂ ᠤᠯᠠᠮ ᠢᠶᠠᠷ ᠣ∙ ᠶᠢᠰᠦᠭᠡᠨ ᠢᠯᠠᠯᠲᠠ ᠪᠠᠢᠭᠤᠯᠤᠭᠰᠠᠨ ᠢᠶᠠᠷ ᠲᠥᠷᠦ ᠶᠢᠨ ᠳᠠᠭᠤᠯᠠᠯ ᠢᠶᠠᠨ ᠡᠭᠡᠰᠢᠭ᠍ᠯᠡᠭᠦᠯᠵᠦ᠂ ᠮ ∙ᠡᠩᠬᠡᠵᠢᠷᠭᠠᠯ ᠮᠥᠩᠭᠥᠨ ᠮᠧᠳᠠᠯ ᠤᠨ ᠡᠵᠡᠨ ᠪᠣᠯᠣᠭᠰᠠᠨ ᠪᠠᠢᠨ᠎ᠠ᠃ ᠡᠮᠡᠭ᠍ᠲᠡᠢᠴᠦᠳ ᠤᠨ 50 ᠺᠢᠯᠣᠭ᠍ᠷᠠᠮ ᠵᠢᠩ ᠳᠤ ᠪ ∙ᠮᠥᠩᠭᠦᠨᠰᠠᠷᠠᠨ ᠠᠯᠳᠠ᠂ ᠡᠷᠡᠭ᠍ᠲᠡᠢᠴᠦᠳ ᠤᠨ 65 ᠺᠢᠯᠣᠭ᠍ᠷᠠᠮ ᠵᠢᠩ ᠳᠤ ᠲ∙ ᠡᠩᠬᠡᠲᠦ᠋ᠷᠤ ᠠᠯᠳᠠ ᠂ 48 ᠺᠢᠯᠣᠭ᠍ᠷᠠᠮ ᠵᠢᠩ ᠳᠤ ᠡ᠊∙ ᠨᠤᠮᠤᠨᠳᠠᠷᠢ ᠠᠯᠲᠠᠨ ᠮᠧᠳᠠᠯ ᠬᠦᠷᠲᠡᠭ᠍ᠰᠡᠨ ᠢ ᠮᠣᠩᠭᠣᠯ ᠤᠨ ᠪᠣᠺᠰ ᠤᠨ ᠬᠣᠯᠪᠣᠭᠠᠨ ᠠᠴᠠ ᠮᠡᠳᠡᠭᠡᠯᠡᠯ᠎ᠡ ᠃