《 ᠬᠠᠭᠠᠨ ᠤ ᠡᠷᠢᠯ ᠳᠤ 》ᠣᠯᠠᠨ ᠤᠯᠤᠰ ᠤᠨ ᠰᠤᠷᠭᠠᠭᠤᠯᠢᠯᠠᠯᠲᠠ ᠪᠣᠯᠤᠨ᠎ᠠ | News.MN

《 ᠬᠠᠭᠠᠨ ᠤ ᠡᠷᠢᠯ ᠳᠤ 》ᠣᠯᠠᠨ ᠤᠯᠤᠰ ᠤᠨ ᠰᠤᠷᠭᠠᠭᠤᠯᠢᠯᠠᠯᠲᠠ ᠪᠣᠯᠤᠨ᠎ᠠ

ᠮᠣᠩᠭᠣᠯ ᠤᠯᠤᠰ ᠲᠤ 2003 ᠣᠨ ᠠᠴᠠ ᠬᠤᠢᠰᠢ ᠵᠣᠬᠢᠶᠠᠨ ᠪᠠᠢᠭᠤᠯᠵᠤ ᠪᠤᠶ《ᠬᠠᠭᠠᠨ ᠤ ᠡᠷᠢᠯ ᠳᠤ》ᠡᠩᠬᠡ ᠶᠢ ᠳᠡᠮᠵᠢᠬᠦ ᠠᠵᠢᠯᠯᠠᠭᠠᠨ ᠤ ᠣᠯᠠᠨ ᠤᠯᠤᠰ ᠤᠨ ᠰᠤᠷᠭᠠᠭᠤᠯᠢᠯᠠᠯᠲᠠ ᠡᠨᠡ ᠰᠠᠷ᠎ᠠ ᠳᠤ ᠪᠣᠯᠤᠨ᠎ᠠ᠃ ᠮᠣᠩᠭᠣᠯ ᠤᠯᠤᠰ ᠤᠨ ᠵᠡᠪᠰᠡᠭ᠍ᠲᠦ ᠬᠦᠴᠦᠨ ᠡᠨᠡᠦᠡᠭᠡᠭ᠂ ᠨᠤᠮᠦᠬᠠᠠ ᠳᠠᠯᠠᠢ ᠳ᠋ᠡᠬᠢ ᠠᠮᠧᠷᠢᠺᠠ ᠶᠢᠨ ᠵᠡᠪᠰᠡᠭ᠍ᠲᠦ ᠬᠦᠴᠦᠨ ᠲᠠᠢ ᠬᠠᠮᠲᠤᠷᠠᠨ ᠤᠭ ᠰᠤᠷᠭᠠᠭᠤᠯᠢᠯᠠᠯᠲᠠ ᠶᠢ ᠬᠣᠶᠠᠷ ᠲᠠᠯ᠎ᠠ ᠶᠢᠨ ᠰᠤᠷᠭᠠᠭᠤᠯᠢ ᠬᠡᠯᠪᠡᠷᠢ ᠪᠡᠷ ᠭᠤᠷᠪᠠᠨ ᠵᠢᠯ ᠵᠣᠬᠢᠶᠠᠨ ᠪᠠᠢᠭᠤᠯᠤᠭᠠᠳ 2006 ᠣᠨ ᠳᠤ ᠣᠯᠠᠨ ᠤᠯᠤᠰ ᠤᠨ ᠬᠢ ᠪᠣᠯᠭᠠᠭᠰᠠᠨ᠃

ᠤᠯᠠᠮ ᠢᠶᠠᠷ ᠵᠢᠯ ᠪᠦᠷᠢ ᠣᠷᠤᠯᠴᠠᠭ᠌ᠴᠢ ᠤᠯᠤᠰ ᠤᠳ ᠤᠨ ᠬᠦᠷᠢᠶ᠎ᠡ ᠲᠡᠯᠡᠵᠦ ᠪᠤᠶ ᠤᠭ ᠰᠤᠷᠭᠠᠭᠤᠯᠢᠯᠠᠯᠲᠠ ᠳᠤ ᠤᠷᠦᠯᠴᠡᠬᠤ ᠬᠢᠲᠠᠳ ᠤᠨ ᠠᠷᠠᠳ ᠤᠨ ᠴᠢᠯᠦᠭᠡᠯᠡᠬᠦ ᠠᠷᠮᠢ ᠶᠢᠨ ᠠᠩᠭᠢ ᠡᠨᠡ ᠵᠢᠷᠭᠤᠳᠤᠭᠠᠷ ᠰᠠᠷ᠎ᠠ ᠶᠢᠨ ᠳᠤᠮᠳᠠᠭᠤᠷ ᠮᠣᠩᠭᠣᠯ ᠳᠤ ᠢᠷᠡᠬᠦ ᠭᠡᠵᠦ ᠪᠠᠢᠭ᠎ᠠ  ᠲᠤᠬᠠᠢ ᠲᠤᠰ ᠤᠯᠤᠰ ᠤᠨ ᠪᠠᠲᠤᠯᠠᠨ ᠬᠠᠮᠡᠭᠠᠯᠡᠬᠤ ᠶᠠᠮᠤᠨ ᠤ ᠬᠡᠪᠯᠡᠯ ᠤᠨ ᠲᠥᠯᠦᠭᠡᠯᠡᠭ᠍ᠴᠢ ᠮᠡᠳᠡᠭᠡᠯᠡᠯ᠎ᠡ ᠃ 2023 ᠣᠨ ᠤ ᠰᠤᠷᠭᠠᠭᠤᠯᠢᠯᠠᠯᠲᠠ ᠳᠤ ᠬᠢᠲᠠᠳ ᠂ ᠡᠨᠡᠦᠡᠭᠡᠭ ᠂ ᠠᠮᠧᠷᠢᠺᠠ ᠂ ᠡᠮᠦᠨᠡᠳᠦ ᠰᠣᠯᠣᠩᠭᠣᠰ ᠵᠡᠷᠭᠡ 26 ᠣᠷᠣᠨ ᠤ 1100 ᠭᠠᠷᠦᠢ ᠴᠡᠷᠢᠭ ᠤᠨ ᠠᠯᠪᠠᠨ ᠬᠠᠭᠠᠭ᠌ᠴᠢ ᠣᠷᠣᠯᠴᠠᠵᠤ᠂ 2024 ᠣᠨ ᠳᠤ ᠳᠣᠯᠤᠭᠠᠨ ᠤᠯᠤᠰ ᠤᠨ ᠰᠤᠷᠭᠠᠭ᠌ᠴᠢ ᠪᠠᠭ᠌ᠰᠢ ᠂ 10 ᠣᠷᠣᠨ ᠤ ᠴᠡᠷᠢᠭ ᠤᠨ 11 ᠰᠠᠯᠠᠭ᠎ᠠ ᠂ 20 ᠤᠯᠤᠰ ᠤᠨ 460 ᠭᠠᠷᠦᠢ ᠠᠵᠢᠭ᠌ᠯᠠᠭ᠌ᠴᠢ ᠣᠷᠣᠯᠴᠠᠭᠰᠠᠨ ᠪᠢᠯᠡ ᠃

ᠰᠡᠳᠬᠢᠭᠳᠡᠯ ᠦᠯᠡᠳᠡᠭᠡᠬᠦ