ᠡᠮᠦᠨᠡᠭᠤᠪᠢ ᠠᠢᠮᠠᠭ《ᠰᠠᠢᠬᠠᠨ ᠤ ᠰᠡᠷᠯᠦᠬ 》ᠤᠯᠠᠮᠵᠢᠯᠠᠯᠲᠤ ᠪᠠᠶᠠᠷ ᠢ ᠠᠷᠪᠠᠨ ᠨᠢᠭᠡᠳᠡᠬᠢ ᠵᠢᠯ ᠳᠤ ᠪᠠᠨ ᠵᠣᠬᠢᠶᠠᠨ ᠪᠠᠢᠭᠤᠯᠤᠯ᠎ᠠ ᠃ ᠤᠯᠠᠮᠵᠢᠯᠠᠯᠲᠤ ᠪᠠᠶᠠᠷ ᠤᠨ ᠦᠢᠯᠡ ᠠᠵᠢᠯᠯᠠᠭ᠎ᠠ ᠶᠢ ᠲᠠᠪᠤᠳᠤᠭᠠᠷ ᠰᠠᠷ᠎ᠠ ᠶᠢᠨ 24 ᠳᠦ ᠣᠶᠤᠲᠤ ᠶᠢᠨ ᠬᠥᠨᠳᠡᠢ ᠶᠢᠨ ᠦᠨᠡᠭᠡᠲᠤ ᠭᠡᠮᠡᠬᠦ ᠭᠠᠵᠠᠷ ᠲᠤ ᠵᠣᠬᠢᠶᠠᠨ ᠪᠠᠢᠭᠤᠯᠤᠭᠰᠠᠨ ᠪᠥᠭᠡᠳ ᠰᠡᠷᠯᠦᠬ ᠮᠠᠯᠯᠠᠬᠤ ᠥᠪ ᠰᠤᠶᠦᠯ᠂ ᠣᠷᠣᠨ ᠨᠤᠲᠤᠭ ᠤᠨ ᠣᠨᠴᠠᠯᠢᠭ ᠪᠦᠲᠦᠭᠡᠭ᠍ᠳᠡᠬᠦᠨ᠂ ᠤᠯᠠᠮᠵᠢᠯᠠᠯᠲᠤ ᠠᠮᠢᠳᠤᠷᠠᠯ ᠤᠨ ᠬᠡᠪ ᠮᠠᠶ᠋ᠢᠭ ᠢ ᠰᠤᠷᠲᠠᠯᠴᠢᠯᠠᠬᠤ᠂ ᠣᠷᠣᠨ ᠨᠤᠲᠤᠭ ᠤᠨ ᠡᠳ᠋ ᠦᠨ ᠵᠠᠰᠠᠭ᠂ ᠠᠶᠠᠯᠠᠯ ᠵᠢᠭᠤᠯᠴᠢᠯᠠᠯ ᠢ ᠳᠡᠮᠵᠢᠬᠦ ᠵᠣᠷᠢᠯᠭ᠎ᠠ ᠲᠠᠢ ᠃
ᠭᠤᠷᠪᠠᠨᠰᠠᠢᠬᠠᠨ ᠠᠭᠤᠯᠠ ᠶᠢᠨ ᠤᠨᠠᠭᠠᠨ ᠪᠠᠢᠭᠠᠯᠢ ᠳᠤ ᠵᠣᠬᠢᠴᠠᠨ ᠠᠮᠢᠳᠤᠷᠠᠳᠠᠭ ᠰᠡᠷᠯᠦᠬ ᠦᠬᠡᠷ ᠢ ᠡᠮᠦᠨᠡᠭᠤᠪᠢ ᠠᠢᠮᠠᠭ ᠤᠨ ᠬᠡᠮᠵᠢᠶᠡᠨ ᠳᠤ 8 ᠰᠤᠮᠤ ᠶᠢᠨ 50 ᠡᠷᠦᠬᠡ 1000 ᠭᠠᠷᠦᠢ ᠰᠠᠷᠯᠤᠭ ᠥᠰᠬᠡᠨ ᠦᠷᠡᠵᠢᠭᠦᠯᠵᠦ ᠪᠡᠢᠨ᠎ᠡ᠃ ᠰᠠᠷᠯᠤᠭ ᠤᠨ ᠰᠢᠯᠢᠮᠡᠯ ᠪᠤᠬ᠎ᠠ᠂ ᠦᠨᠢᠶ᠎ᠡ ᠰᠢᠯᠭᠠᠷᠠᠭᠤᠯᠬᠤ ᠲᠡᠮᠡᠴᠡᠭᠡᠨ ᠳᠤ ᠭᠤᠷᠪᠠᠨ ᠰᠤᠮᠤ ᠶᠢᠨ ᠵᠢᠷᠭᠤᠭᠠᠨ ᠰᠠᠷᠯᠤᠭ᠌ᠴᠢᠨ ᠵᠢᠷᠭᠤᠭᠠᠨ ᠪᠤᠬ᠎ᠠ ᠂ ᠲᠠᠪᠤᠨ ᠰᠤᠮᠤ ᠶᠢᠨ ᠶᠢᠰᠤᠨ ᠰᠠᠷᠯᠤᠭ᠌ᠴᠢᠨ 10 ᠦᠨᠢᠶ᠎ᠡ ᠲᠠᠢ ᠣᠷᠣᠯᠴᠠᠪᠠ᠃
ᠰᠠᠷᠯᠤᠭ ᠤᠨ ᠵᠠᠩ ᠦᠢᠯᠡ ᠲᠠᠢ ᠬᠣᠯᠪᠣᠭ᠎ᠠ ᠲᠠᠢ ᠪᠤᠤᠬᠢᠶ᠎ᠠ ᠲᠡᠮᠡᠴᠡᠭᠡᠨ ᠳᠤ ᠳᠥᠷᠪᠡᠨ ᠰᠤᠮᠤ ᠶᠢᠨ ᠳᠣᠯᠤᠭᠠᠨ ᠪᠠᠭ ᠤᠨ 35 ᠰᠠᠷᠯᠤᠭ᠌ᠴᠢᠨ ᠣᠷᠣᠯᠴᠠᠵᠤ᠂ ᠰᠠᠷᠯᠤᠭ ᠤᠨ ᠤᠷᠤᠯᠳᠤᠭᠠᠨ ᠳᠤ 600 ᠭᠠᠷᠦᠢ ᠰᠠᠷᠯᠤᠭ ᠤᠷᠤᠯᠳᠤᠵᠠᠢ᠃