ᠶᠡᠭᠡ ᠪᠷᠢᠲ᠋ᠠᠨ ᠤ ᠺᠠᠮᠪᠷᠢᠵ ᠤᠨ ᠶᠡᠭᠡ ᠰᠤᠷᠭᠠᠭᠤᠯᠢ ᠴᠢᠩᠭᠢᠰ ᠬᠠᠭᠠᠨ ᠰᠤᠳᠤᠯᠤᠯ ᠤᠨ ᠴᠢᠭ᠍ᠯᠡᠯ ᠢᠶᠡᠷ ᠲᠡᠳᠬᠦᠯᠭᠡ ᠣᠯᠭᠤᠬᠤ ᠬᠥᠲᠥᠯᠪᠦᠷᠢ ᠡᠬᠢᠯᠡᠭᠦᠯᠦᠭ᠍ᠰᠡᠨ ᠢᠶᠡᠨ ᠵᠠᠷᠯᠠᠯ᠎ᠠ᠃ ᠡᠨᠡ ᠬᠥᠲᠥᠯᠪᠦᠷᠢ ᠶᠢ ᠮᠣᠩᠭᠣᠯ ᠤᠯᠤᠰ ᠤᠨ ᠰᠤᠶᠦᠯ ᠰᠫᠣᠷᠲ ᠠᠶᠠᠯᠠᠯ ᠵᠢᠭᠤᠯᠴᠢᠯᠠᠯ ᠵᠠᠯᠠᠭᠤᠴᠤᠳ ᠤᠨ ᠶᠠᠮᠤᠨ᠂ ᠴᠢᠩᠭᠢᠰ ᠬᠠᠭᠠᠨ ᠤ ᠥᠪ ᠰᠣᠶᠤᠯ ᠤᠨ ᠬᠦᠷᠢᠶᠡᠯᠡᠩ ᠲᠤᠰ ᠰᠤᠷᠭᠠᠭᠤᠯᠢ ᠶᠢᠨ ᠨᠡᠢᠭᠡᠮ ᠤᠨ ᠠᠨᠲᠷᠣᠫᠣᠯᠣᠭᠢ ᠶᠢᠨ ᠲᠠᠩᠬᠢᠮ ᠤᠨ《ᠮᠣᠩᠭᠣᠯ ᠪᠠ ᠥᠪᠦᠷ ᠠᠽᠢᠶ᠎ᠠ ᠰᠤᠳᠤᠯᠤᠯ ᠤᠨ ᠲᠥᠪ》ᠲᠡᠢ ᠬᠠᠮᠲᠤᠷᠠᠨ ᠬᠡᠷᠡᠭ᠍ᠵᠢᠭᠦᠯᠬᠦ ᠪᠥᠭᠡᠳ ᠶᠢᠰᠦ ᠪᠤᠯᠦᠠ ᠭᠤᠷᠪᠠᠨ ᠰᠠᠷ᠎ᠠ ᠶᠢᠨ ᠬᠤᠭᠤᠴᠠᠭ᠎ᠠ ᠲᠠᠢ ᠰᠤᠳᠤᠯᠭ᠎ᠠ ᠬᠢᠬᠦ ᠬᠣᠶᠠᠷ ᠬᠦᠮᠦᠨ ᠳ᠋ᠤ᠂ ᠮᠣᠩᠭᠣᠯ ᠳᠤ ᠭᠤᠷᠪᠠᠨ ᠰᠠᠷ᠎ᠠ ᠶᠢᠨ ᠬᠤᠭᠤᠴᠠᠭ᠎ᠠ ᠲᠠᠢ ᠰᠤᠳᠤᠯᠭ᠎ᠠ ᠬᠢᠬᠦ ᠺᠠᠮᠪᠷᠢᠵ ᠤᠨ ᠨᠢᠭᠡ ᠰᠤᠳᠤᠯᠤᠭᠠᠴᠢ ᠳᠤ ᠲᠡᠳᠬᠦᠯᠭᠡ ᠣᠯᠭᠤᠬᠤ ᠶᠤᠮ ᠃
ᠺᠠᠮᠪᠷᠢᠵ ᠤᠨ ᠶᠡᠭᠡ ᠰᠤᠷᠭᠠᠭᠤᠯᠢ ᠴᠢᠩᠭᠢᠰ ᠬᠠᠭᠠᠨ ᠤ ᠦᠢᠯᠡ ᠬᠡᠷᠡᠭ ᠦᠨ ᠨᠦᠯᠤᠬᠡ᠂ ᠮᠣᠩᠭᠣᠯ ᠤᠨ ᠡᠵᠡᠨᠲᠦ ᠭᠦᠷᠦᠨ ᠤ 1206-1368 ᠣᠨ ᠤ ᠲᠡᠦᠬᠡ ᠶᠢᠨ ᠲᠠᠯ᠎ᠠ ᠪᠠᠷ ᠣᠯᠠᠨ ᠤᠯᠤᠰ ᠤᠨ ᠰᠤᠳᠤᠯᠤᠭᠠᠴᠢᠳ ᠤᠨ ᠬᠠᠮᠲᠤᠷᠠᠨ ᠪᠢᠴᠢᠭ᠍ᠰᠡᠨ《The Cambridge History of the Mongol Empire》ᠨᠡᠷ᠎ᠡ ᠲᠠᠢ ᠬᠣᠶᠠᠷ ᠪᠣᠳᠢ ᠨᠣᠮ ᠢ 2023 ᠣᠨ ᠳᠤ ᠬᠡᠪᠯᠡᠭᠦᠯᠵᠡᠢ᠃ 2005 ᠣᠨ ᠳᠤ ᠡᠷᠳᠡᠮᠲᠡᠨ ᠤᠷᠠᠳ ᠤᠨ ᠡ᠊∙ ᠪᠤᠯᠠᠭ ᠴᠢᠩᠭᠢᠰ ᠬᠠᠭᠠᠨ ᠤ ᠰᠡᠳᠦᠪᠲᠤ ᠰᠸᠮᠢᠨᠠᠷ ᠢ ᠲᠤᠰ ᠰᠤᠷᠭᠠᠭᠤᠯᠢ ᠳᠤ ᠬᠢᠭ᠍ᠰᠡᠨ ᠡᠴᠡ ᠭᠠᠳᠡᠨ᠎ᠡ 2018-2021 ᠣᠨ ᠳᠤ《ᠴᠢᠩᠭᠢᠰ ᠬᠠᠭᠠᠨ ᠤ ᠲᠡᠦᠬᠡ ᠶᠢᠨᠨ ᠰᠤᠳᠤᠯᠭ᠎ᠠ 》ᠲᠥᠰᠥᠯ ᠢ ᠬᠤᠪᠢ ᠶᠢᠨ ᠬᠠᠨᠳᠢᠪ ᠢᠶᠠᠷ ᠬᠢᠭ᠍ᠰᠡᠨ ᠪᠢᠯᠡ ᠃