ᠤᠷᠠᠨ ᠪᠢᠴᠢᠪᠦᠷᠢ ᠶᠢᠨ ᠪᠦᠲᠦᠭᠡᠯ ᠤᠳ ᠤᠨ ᠦᠵᠡᠰᠬᠦᠯᠡᠩ ᠪᠣᠯᠪᠠ | News.MN

ᠤᠷᠠᠨ ᠪᠢᠴᠢᠪᠦᠷᠢ ᠶᠢᠨ ᠪᠦᠲᠦᠭᠡᠯ ᠤᠳ ᠤᠨ ᠦᠵᠡᠰᠬᠦᠯᠡᠩ ᠪᠣᠯᠪᠠ

ᠳᠤᠷᠤᠨᠠᠭᠤᠪᠢ ᠠᠢᠮᠠᠭ ᠤᠨ ᠪᠣᠯᠪᠠᠰᠤᠷᠠᠯ ᠤᠨ ᠭᠠᠵᠠᠷ ᠠᠴᠠ《ᠦᠨᠳᠦᠰᠦᠨ ᠤ ᠪᠢᠴᠢᠭ ᠰᠣᠶᠤᠯ ᠤᠨ ᠡᠳᠦᠷ – 2025》ᠦᠢᠯᠡ ᠠᠵᠢᠯᠯᠠᠭᠠᠨ ᠤ ᠬᠦᠷᠢᠶᠡᠨ ᠳᠤ ᠪᠠᠭ᠌ᠰᠢ᠂ ᠰᠤᠷᠤᠯᠴᠠᠭ᠌ᠴᠢᠳ᠂ ᠢᠷᠭᠡᠳ᠂ ᠲᠥᠷᠦ ᠶᠢᠨ ᠠᠯᠪᠠ ᠬᠠᠭᠠᠭ᠌ᠴᠢᠳ ᠤᠨ ᠳᠤᠮᠳᠠ ᠵᠣᠬᠢᠶᠠᠨ ᠪᠠᠢᠭᠤᠯᠤᠭᠰᠠᠨ ᠤᠷᠠᠨ ᠪᠢᠴᠢᠪᠦᠷᠢ ᠶᠢᠨ《 ᠰᠦᠶᠦᠭᠡᠷ – 2025》ᠤᠷᠤᠯᠳᠤᠭᠠᠨ ᠳᠤ ᠢᠷᠡᠭ᠍ᠰᠡᠨ ᠪᠦᠲᠦᠭᠡᠯ ᠤᠳ ᠢᠶᠠᠷ ᠠᠢᠮᠠᠭ ᠤᠨ ᠮᠦᠽᠧᠶ ᠂ ᠰᠤᠷᠭᠠᠯᠲᠠ ᠰᠤᠳᠤᠯᠭᠠᠨ ᠤ ᠲᠥᠪ ᠲᠤ ᠥᠨᠥᠳᠥᠷ ᠦᠵᠡᠰᠬᠦᠯᠡᠩ ᠭᠠᠷᠭᠠᠯ᠎ᠠ ᠃

ᠵᠢᠯ ᠪᠦᠷᠢ ᠳᠣᠷᠤᠨᠠᠭᠣᠪᠢ ᠠᠢᠮᠠᠭ ᠤᠨ ᠨᠠᠰᠦᠨ ᠲᠤᠷᠰᠢ ᠶᠢᠨ ᠰᠣᠷᠣᠯᠴᠠᠬᠤᠢ ᠶᠢᠨ ᠲᠥᠪ᠂ ᠠᠢᠮᠠᠭ ᠤᠨ ᠲᠥᠪ ᠨᠣᠮ ᠤᠨ ᠰᠠᠩ ᠲᠠᠢ ᠡᠭᠡᠯᠵᠢᠯᠡᠵᠦ᠂ ᠬᠠᠮᠲᠤᠷᠠᠨ ᠬᠡᠷᠡᠭ᠍ᠵᠢᠭᠦᠯᠳᠡᠭ ᠤᠷᠠᠨ ᠪᠢᠴᠢᠪᠦᠷᠢ ᠶᠢᠨ ᠤᠷᠤᠯᠳᠤᠭᠠᠨ ᠨᠢ ᠣᠷᠣᠨ ᠨᠤᠲᠤᠭ ᠤᠨ ᠣᠨᠴᠠᠯᠢᠭ ᠢ ᠰᠢᠩᠭᠡᠭᠡᠵᠦ ᠂ ᠰᠤᠷᠤᠯᠴᠠᠭ᠌ᠴᠢᠳ ᠢ ᠨᠤᠲᠤᠭ ᠤᠨ ᠵᠣᠬᠢᠶᠠᠯᠴᠢ ᠪᠦᠲᠦᠭᠡᠯᠴᠢᠳ ᠦᠨ ᠤᠷᠠᠨ ᠪᠦᠲᠦᠭᠡᠯ ᠲᠡᠢ ᠲᠡᠨᠢᠯᠴᠡᠭᠤᠯᠬᠤ ᠂ ᠰᠤᠷᠲᠠᠯᠴᠢᠯᠠᠬᠤ ᠵᠣᠷᠢᠯᠭ᠎ᠠ ᠲᠠᠢ ᠃

ᠤᠷᠠᠨ ᠪᠢᠴᠢᠯᠭᠡ ᠶᠢᠨ ᠤᠷᠤᠯᠳᠤᠭᠠᠨ ᠢ ᠳᠥᠷᠪᠡᠨ ᠠᠩᠭᠢᠯᠡᠯ ᠢᠶᠠᠷ ᠵᠣᠬᠢᠶᠠᠨ ᠪᠠᠢᠭᠤᠯᠤᠭᠰᠠᠨ ᠪᠥᠭᠡᠳ 54 ᠪᠠᠭ᠌ᠰᠢ ᠂ ᠰᠤᠷᠤᠯᠴᠠᠭ᠌ᠴᠢ ᠶᠢᠨ ᠮᠣᠩᠭᠣᠯ ᠬᠡᠯᠡᠨ ᠤ ᠤᠷᠠᠨ ᠲᠠᠩᠰᠤᠭ ᠤᠳᠬ᠎ᠠ ᠪᠦᠬᠦᠢ ᠵᠤᠬᠢᠶᠡᠯ ᠪᠦᠲᠦᠭᠡᠯ ᠤᠨ ᠳᠡᠭᠡᠵᠢᠰ ᠠᠴᠠ ᠡᠰᠢ ᠲᠠᠲᠠᠵᠤ ᠪᠢᠴᠢᠭ᠍ᠰᠡᠨ 78 ᠪᠦᠲᠦᠭᠡᠯ ᠢ ᠳᠡᠯᠭᠡᠵᠡᠢ᠃ ᠤᠷᠠᠨ ᠪᠢᠴᠢᠪᠦᠷᠢ ᠶᠢᠨ ᠦᠵᠡᠰᠬᠦᠯᠡᠩ ᠵᠢᠷᠭᠤᠳᠤᠭᠠᠷ ᠰᠠᠷ᠎ᠠ ᠶᠢᠨ ᠬᠣᠶᠠᠷ ᠤᠨ ᠡᠳᠦᠷ ᠬᠦᠷᠳᠡᠯ᠎ᠠ ᠮᠦᠽᠧᠶ᠂ ᠰᠤᠷᠭᠠᠯᠲᠠ ᠰᠤᠳᠤᠯᠭᠠᠨ ᠤ ᠲᠥᠪ ᠦᠨ ᠦᠵᠡᠰᠬᠦᠯᠡᠩ ᠤᠨ ᠲᠠᠩᠬᠢᠮ ᠳᠤ ᠭᠠᠷᠬᠤ ᠠᠵᠠᠢ᠃

ᠰᠡᠳᠬᠢᠭᠳᠡᠯ ᠦᠯᠡᠳᠡᠭᠡᠬᠦ