ᠬᠡᠤᠬᠡᠳ ᠤᠳ《ᠮᠣᠩᠭᠣᠯ ᠤᠨ ᠨᠢᠭᠤᠴᠠ ᠲᠣᠪᠴᠢᠶᠠᠨ》 ᠤ ᠬᠡᠯᠡᠯᠴᠡᠭᠦᠯᠭᠡ ᠳᠦ ᠣᠷᠣᠯᠴᠠᠵᠠᠢ | News.MN

ᠬᠡᠤᠬᠡᠳ ᠤᠳ《ᠮᠣᠩᠭᠣᠯ ᠤᠨ ᠨᠢᠭᠤᠴᠠ ᠲᠣᠪᠴᠢᠶᠠᠨ》 ᠤ ᠬᠡᠯᠡᠯᠴᠡᠭᠦᠯᠭᠡ ᠳᠦ ᠣᠷᠣᠯᠴᠠᠵᠠᠢ

ᠵᠠᠪᠬᠠᠨ ᠠᠢᠮᠠᠭ ᠤᠨ ᠬᠡᠦᠬᠡᠳ ᠦᠳ《ᠮᠣᠩᠭᠣᠯ ᠤᠨ ᠨᠢᠭᠤᠴᠠ  ᠲᠣᠪᠴᠢᠶᠠᠨ》ᠬᠡᠯᠡᠯᠴᠡᠭᠦᠯᠭᠡ ᠪᠡᠨ ᠠᠮᠵᠢᠯᠲᠠᠲᠠᠶ ᠵᠣᠬᠢᠶᠠᠨ ᠪᠠᠢᠭᠤᠯᠵᠠᠢ᠃ ᠠᠢᠮᠠᠭ ᠤᠨ ᠰᠤᠶᠦᠯ ᠤᠷᠠᠯᠢᠭ᠂ ᠠᠶᠠᠯᠠᠯ ᠵᠢᠭᠤᠯᠴᠢᠯᠠᠯ᠂ ᠵᠠᠯᠠᠭᠤᠴᠤᠳ ᠤᠨ ᠭᠠᠵᠠᠷ᠂ ᠪ∙ᠶᠠᠪᠤᠭᠤᠬᠤᠯᠠᠩ ᠤᠨ ᠨᠡᠷᠡᠮᠵᠢᠲᠦ ᠲᠥᠪ ᠨᠣᠮ ᠤᠨ ᠰᠠᠩ ᠂《ᠠᠶᠤᠩᠭ᠎ᠠ》ᠨᠣᠮ ᠤᠨ ᠺᠯᠦ᠋ᠪ ᠲᠠᠢ ᠬᠠᠮᠲᠤᠷᠠᠨ《ᠮᠣᠩᠭᠣᠯ ᠤᠨ ᠨᠢᠭᠤᠴᠠ ᠲᠣᠪᠴᠢᠶᠠᠨ》ᠨᠣᠮ ᠤᠨ ᠤᠩᠰᠢᠯᠭ᠎ᠠ᠂ ᠬᠡᠯᠡᠯᠴᠡᠭᠦᠯᠭᠡ ᠶᠢ ᠵᠢᠯ ᠭᠠᠷᠤᠢ ᠶᠢᠨ ᠬᠤᠭᠤᠴᠠᠭᠠᠨ ᠳᠤ ᠵᠣᠬᠢᠶᠠᠨ ᠪᠡᠢᠭᠤᠯᠬᠤ ᠶᠤᠮ᠃ ᠬᠡᠦᠬᠡᠳ ᠦᠳ《ᠮᠣᠩᠭᠣᠯ ᠤᠨ ᠨᠢᠭᠤᠴᠠ ᠲᠣᠪᠴᠢᠶᠠᠨ》᠎ ᠢ 17 ᠰᠠᠷ᠎ᠠ ᠶᠢᠨ ᠬᠤᠭᠤᠴᠠᠭᠠᠨ ᠳᠤ ᠤᠩᠰᠢᠬᠤ ᠪᠠᠷ ᠲᠥᠯᠥᠪᠯᠡᠵᠦ᠂ ᠥᠨᠥᠳᠥᠷ ᠦᠨ ᠪᠠᠢᠳᠠᠯ ᠢᠶᠠᠷ ᠳᠥᠷᠪᠡᠨ ᠪᠦᠯᠦᠭ ᠢ ᠬᠡᠯᠡᠯᠴᠡᠭᠦᠯᠵᠦ ᠳᠠᠭᠤᠰᠤᠯ᠎ᠠ᠃

ᠡᠨᠡ ᠤᠳᠠᠭ᠎ᠠ ᠶᠢᠨ ᠬᠡᠯᠡᠯᠴᠡᠭᠦᠯᠭᠡ ᠳᠤ ᠭᠣᠪᠢ ᠠᠯᠲᠠᠢ ᠠᠢᠮᠠᠭ ᠠᠴᠠ《ᠨᠣᠮ ᠤᠨ ᠵᠠᠭᠤᠴᠢ》ᠺᠯᠦ᠋ᠪ ᠣᠷᠣᠯᠴᠠᠵᠤ᠂ ᠺᠯᠦ᠋ᠪ ᠤᠨ ᠰᠤᠷᠤᠯᠴᠠᠭ᠌ᠴᠢᠳ ᠤᠯᠢᠶᠠᠰᠤᠲᠠᠢ ᠰᠤᠮᠤ ᠶᠢᠨ《ᠴᠢᠨᠳᠠᠮᠤᠨᠢ ᠡᠷᠳᠡᠨᠢ》ᠰᠤᠷᠭᠠᠭᠤᠯᠢ ᠶᠢᠨ ᠪ∙ᠪᠢᠮᠪᠠᠰᠦ᠋ᠷᠦᠩ ᠪᠠᠭ᠌ᠰᠢ ᠲᠠᠢ 8 ᠪ᠊ ᠠᠩᠭᠢ ᠶᠢᠨ ᠨᠣᠮ ᠤᠨ ᠺᠯᠦ᠋ᠪ᠂《ᠠᠶᠤᠩᠭ᠎ᠠ》ᠨᠣᠮ ᠤᠨ ᠺᠯᠦ᠋ᠪ  ᠦᠳ ᠲᠠᠢ ᠠᠭᠤᠯᠵᠠᠯᠲᠠ ᠵᠣᠬᠢᠶᠠᠨ ᠪᠠᠢᠭᠤᠯᠵᠤ ᠂ ᠲᠤᠷᠰᠢᠯᠭ᠎ᠠ ᠰᠣᠯᠢᠯᠴᠠᠯ᠎ᠠ᠃  ᠢᠷᠡᠬᠦ ᠰᠠᠷ᠎ᠠ ᠶᠢᠨ ᠬᠡᠯᠡᠯᠴᠡᠭᠦᠯᠭᠡ 9 ᠳ᠋ᠤᠭᠠᠷ ᠰᠠᠷ᠎ᠠ ᠳᠤ ᠪᠣᠯᠤᠨ᠎ᠠ ᠃

ᠰᠡᠳᠬᠢᠭᠳᠡᠯ ᠦᠯᠡᠳᠡᠭᠡᠬᠦ