《 The State and Legal Traditions of Mongolia ᠄ An Historical Overview 》 ᠪᠤᠯᠦᠠ 《 ᠮᠣᠩᠭᠣᠯ ᠤᠯᠤᠰ ᠤᠨ ᠦᠨᠳᠦᠰᠦᠨ ᠬᠠᠤᠯᠢ ᠶᠢᠨ ᠡᠷᠬᠡ ᠵᠦᠶ 》ᠨᠣᠮ ᠤᠨ ᠨᠡᠭᠡᠭᠡᠯᠳᠡ ᠪᠣᠯᠣᠯ᠎ᠠ᠃ ᠰᠢᠬᠢᠬᠤᠲᠤᠭ ᠶᠡᠭᠡ ᠰᠤᠷᠭᠠᠭᠤᠯᠢ ᠶᠢᠨ ᠵᠥᠪᠯᠡᠬᠦ ᠫᠷᠣᠹᠧᠰᠰᠣᠷ ᠵ· ᠪᠣᠯᠤᠳᠪᠠᠭᠠᠲᠤᠷ᠂ ᠰᠢᠬᠢᠬᠤᠲᠤᠭ ᠶᠡᠭᠡ ᠰᠤᠷᠭᠠᠭᠤᠯᠢ ᠶᠢᠨ ᠡᠷᠳᠡᠮ ᠤᠨ ᠵᠥᠪᠯᠡᠯ ᠤᠨ ᠳᠠᠷᠤᠭ᠎ᠠ᠂ ᠫᠷᠣᠹᠧᠰᠰᠣᠷ ᠳ· ᠯᠦᠩᠳᠡᠵᠠᠨᠴᠠᠨ ᠤ ᠬᠠᠮᠲᠤ ᠶ᠋ᠢᠨ《ᠮᠣᠩᠭᠣᠯ ᠤᠨ ᠲᠥᠷᠦ᠂ ᠡᠷᠬᠡ ᠵᠦᠢ ᠶᠢᠨ ᠲᠡᠦᠬᠡᠨ ᠤᠯᠠᠮᠵᠢᠯᠠᠯ 》ᠪᠦᠲᠦᠭᠡᠯ ᠢ ᠣᠷᠴᠢᠭᠤᠯᠤᠭ᠌ᠴᠢ ᠴ· ᠪᠦᠷᠢᠨᠪᠠᠶᠠᠷ《The State and Legal Traditions of Mongolia ᠄ An Historical Overview 》ᠨᠡᠷ᠎ᠡ ᠪᠠᠷ ᠣᠷᠴᠢᠭᠤᠯᠤᠨ ᠣᠯᠠᠨ ᠤᠯᠤᠰ ᠤᠨ ᠵᠠᠬ᠎ᠠ ᠵᠡᠭᠡᠯᠢ ᠳᠤ ᠪᠣᠷᠣᠯᠠᠭᠤᠯᠵᠤ ᠡᠬᠢᠯᠡᠯ᠎ᠡ᠃ ᠲᠤᠰ ᠨᠣᠮ ᠢ ᠨᠢᠳᠧᠷᠯᠠᠨᠳ᠋ ᠤᠨ ᠾᠠᠭ ᠬᠣᠲᠠ ᠳᠤ ᠲᠥᠪ ᠲᠠᠢ Melrose Legal Publishers ᠬᠡᠪᠯᠡᠯ ᠤᠨ ᠭᠠᠵᠠᠷ ᠠᠩᠭ᠍ᠯᠢ ᠬᠡᠯᠡ ᠪᠡᠷ ᠬᠡᠪᠯᠡᠵᠡᠢ ᠃
ᠮᠥᠨ ᠬᠠᠤᠯᠢ ᠵᠦᠢ ᠶᠢᠨ ᠶᠡᠭᠡ᠂ ᠲᠡᠭᠡᠳᠦ ᠰᠤᠷᠭᠠᠭᠤᠯᠢ ᠨᠤᠭᠤᠳ ᠤᠨ ᠦᠨᠳᠦᠰᠦᠨ ᠬᠠᠤᠯᠢ ᠶᠢᠨ ᠡᠷᠬᠡ ᠵᠦᠢ ᠶᠢᠨ ᠴᠢᠭ᠍ᠯᠡᠯ ᠦᠨ ᠠᠩᠬᠠᠨ ᠤ ᠰᠤᠷᠬᠤ ᠪᠢᠴᠢᠭ ᠤᠨ ᠨᠢᠭᠡ ᠪᠣᠯᠵᠤ᠂ 1996 ᠣᠨ ᠳᠤ ᠬᠡᠪᠯᠡᠭ᠍ᠳᠡᠵᠦ ᠪᠠᠢᠭᠰᠠᠨ《ᠮᠣᠩᠭᠣᠯ ᠤᠯᠤᠰ ᠤᠨ ᠦᠨᠳᠦᠰᠦᠨ ᠬᠠᠤᠯᠢ ᠶᠢᠨ ᠡᠷᠬᠡ ᠵᠦᠶ 》ᠰᠤᠷᠬᠤ ᠪᠢᠴᠢᠭ ᠭᠤᠷᠪᠠᠳ᠋ᠡᠬᠢ ᠤᠳᠠᠭ᠎ᠠ ᠶᠢᠨ ᠬᠡᠪᠯᠡᠯᠲᠡ ᠠᠴᠠ ᠭᠠᠷᠴᠤ ᠤᠩᠰᠢᠭ᠌ᠴᠢᠳ ᠲᠤ ᠬᠦᠷᠴᠦ ᠪᠡᠢᠨ᠎ᠡ᠃ ᠲᠤᠰ ᠪᠦᠲᠦᠭᠡᠯ ᠢ ᠳ· ᠯᠦᠩᠳᠡᠵᠠᠨᠴᠠᠨ᠂ ᠰᠢᠬᠢᠬᠤᠲᠤᠭ ᠶᠡᠭᠡ ᠰᠤᠷᠭᠠᠭᠤᠯᠢ ᠶᠢᠨ ᠤᠳᠤᠷᠢᠳᠬᠤ ᠵᠥᠪᠯᠡᠯ ᠤᠨ ᠳᠠᠷᠤᠭ᠎ᠠ ᠂ ᠫᠷᠣᠹᠧᠰᠰᠣᠷ ᠴ· ᠡᠩᠬᠡᠪᠠᠭᠠᠲᠤᠷ ᠨᠠᠷ ᠬᠠᠮᠲᠤᠷᠠᠨ ᠪᠢᠴᠢᠵᠡᠢ ᠃