ᠮᠣᠩᠭᠣᠯ ᠤᠯᠤᠰ ᠤᠨ ᠺᠤᠨᠰᠧᠷᠸᠠᠲ᠋ᠤᠷᠢ᠂ ᠠᠦ᠋ᠰᠲᠷᠢ ᠶᠢᠨ ᠸᠢᠶᠧᠨᠠ ᠬᠣᠲᠠ ᠶᠢᠨ ᠬᠥᠭ᠍ᠵᠢᠮ ᠦᠨ ᠶᠡᠭᠡ ᠰᠤᠷᠭᠠᠭᠤᠯᠢ ᠲᠠᠢ ᠬᠠᠮᠲᠤᠷᠠᠨ ᠠᠵᠢᠯᠯᠠᠬᠤ ᠭᠡᠷ᠎ᠡ ᠪᠠᠢᠭᠤᠯᠤᠯ᠎ᠠ᠃ ᠡᠨᠡ ᠭᠡᠷ᠎ᠡ ᠪᠡᠷ ᠰᠣᠩᠭᠣᠳᠠᠭ ᠬᠥᠭ᠍ᠵᠢᠮ ᠦᠨ ᠪᠠᠭ᠌ᠰᠢ᠂ ᠣᠶᠤᠲᠠᠨ᠂ ᠬᠥᠭ᠍ᠵᠢᠮ ᠦᠨ ᠵᠣᠬᠢᠶᠠᠯᠴᠢᠳ ᠤᠨ ᠪᠦᠲᠦᠭᠡᠯ ᠢ ᠰᠣᠯᠢᠯᠴᠠᠬᠤ ᠂ ᠬᠠᠮᠲᠤᠷᠠᠭᠰᠠᠨ ᠪᠦᠲᠦᠭᠡᠯ ᠲᠤᠭᠤᠷᠪᠢᠬᠤ᠂ ᠡᠷᠳᠡᠮ ᠰᠢᠨᠵᠢᠯᠡᠭᠡ᠂ ᠰᠤᠳᠤᠯᠭᠠᠨ ᠤ ᠪᠡᠭ᠎ᠠ ᠬᠤᠷᠠᠯ ᠵᠣᠬᠢᠶᠠᠨ ᠪᠠᠢᠭᠤᠯᠬᠤ ᠶᠢᠨ ᠵᠡᠷᠭᠡᠴᠡᠭᠡ ᠠᠦ᠋ᠰᠲᠷᠢ ᠶᠢᠨ ᠬᠥᠭᠵᠢᠮ ᠰᠤᠳᠤᠯᠤᠯ ᠤᠨ ᠡᠷᠳᠡᠮᠲᠡᠨ ᠮᠠᠷᠺᠣ ᠺᠶᠤᠯᠪᠡᠯ ᠲᠡᠷᠢᠭᠦᠲᠡᠢ ᠰᠤᠳᠤᠯᠤᠭᠠᠴᠢᠳ ᠮᠤᠷᠢᠨ ᠬᠤᠭᠤᠷ ᠂ ᠴᠤᠭᠤᠷ ᠵᠡᠷᠭᠡ ᠮᠣᠩᠭᠣᠯ ᠤᠭᠰᠠᠭᠠᠲᠠᠨ ᠤ ᠬᠥᠭ᠍ᠵᠢᠮ ᠦᠨ ᠰᠤᠳᠤᠯᠤᠯ ᠤᠨ ᠲᠥᠰᠥᠯ ᠬᠡᠷᠡᠭ᠍ᠵᠢᠭᠦᠯᠦᠨᠡ ᠃
ᠮᠥᠨ ᠮᠣᠩᠭᠣᠯ ᠦᠨᠳᠦᠰᠦᠨ ᠪᠤᠯᠦᠠ ᠰᠢᠨ᠎ᠡ ᠬᠥᠭ᠍ᠵᠢᠮ ᠦᠨ ᠪᠦᠲᠦᠭᠡᠯ ᠤᠳ ᠢ ᠰᠤᠷᠲᠠᠯᠴᠢᠯᠠᠬᠤ ᠂ ᠮᠠᠨ ᠤ ᠦᠨᠳᠦᠰᠦᠨ ᠤ ᠬᠥᠭ᠍ᠵᠢᠮ ᠦᠨ ᠪᠦᠲᠦᠭᠡᠯ ᠤᠨ ᠡᠮᠬᠢᠦᠡᠭᠡᠯ᠂ ᠨᠣᠲ ᠵᠡᠷᠭᠡ ᠶᠢ ᠸᠢᠶᠧᠨᠠ ᠶᠢᠨ ᠬᠥᠭ᠍ᠵᠢᠮ ᠦᠨ ᠶᠡᠭᠡ ᠰᠤᠷᠭᠠᠭᠤᠯᠢ ᠳᠤ ᠬᠦᠷᠭᠡᠭᠦᠯᠦᠨ ᠬᠥᠭ᠍ᠵᠢᠮ ᠦᠨ ᠠᠯᠳᠠᠷᠲᠠᠨ ᠨᠤᠭᠤᠳ ᠢᠶᠠᠷ ᠲᠣᠭᠯᠠᠭᠤᠯᠬᠤ ᠪᠣᠯᠣᠮᠵᠢ ᠲᠠᠢ ᠪᠣᠯᠵᠤ ᠪᠡᠢᠨ᠎ᠡ ᠃