ᠶᠠᠫᠣᠨ ᠤ ᠮᠡᠷᠭᠡᠵᠢᠯ ᠤᠨ ᠰᠦᠮᠣ᠋ ᠪᠥᠬᠡ ᠶ᠋ᠢᠨ ᠵᠤᠨ ᠤ ᠨᠠᠴᠦ᠋ ᠪᠠᠱᠶᠤ᠋ ᠥᠨᠳᠥᠷᠯᠡᠪᠡ᠃ ᠡᠨᠡ ᠪᠠᠱᠶᠤ᠋ ᠳᠤ ᠮᠣᠩᠭᠣᠯ ᠤᠨ 20 ᠪᠥᠬᠡ ᠲᠠᠪᠤᠨ ᠽᠢᠨᠳᠠᠭᠠᠨ ᠳᠤ ᠬᠦᠴᠦ ᠦᠵᠡᠭ᠍ᠰᠡᠨ ᠡᠴᠡ 13 ᠨᠢ ᠺᠠᠴᠢᠭᠤᠱᠢ ᠪᠤᠶᠤ ᠲᠠᠪᠢ ᠠᠴᠠ ᠳᠡᠭᠡᠭ᠍ᠰᠢ ᠬᠤᠪᠢ ᠶᠢᠨ ᠠᠮᠵᠢᠯᠲᠠ ᠦᠵᠡᠭᠦᠯᠵᠦ ᠂ ᠳᠣᠯᠣᠳᠤᠭᠠᠷ ᠰᠠᠷ᠎ᠠ ᠳᠤ ᠴᠢᠨᠰᠠᠭ᠎ᠠ ᠠᠬᠢᠬᠤ ᠨᠢ ᠲᠣᠳᠤᠷᠬᠠᠶ ᠪᠣᠯᠣᠯ᠎ᠠ ᠃
ᠪᠠᠱᠶᠤ᠋ ᠶᠢᠨ ᠡᠬᠢᠨ ᠤ 14 ᠡᠳᠦᠷ ᠤᠬᠳᠦ ᠤᠨᠠᠯ ᠦᠭᠡᠢ ᠲᠡᠷᠢᠭᠦᠯᠡᠵᠦ ᠶᠠᠪᠤᠭᠰᠠᠨ ᠤᠽᠸᠺᠢ ᠤᠨᠤᠰᠠᠲ᠋ᠤ᠋ ᠰᠡᠭᠦᠯ ᠦᠨ ᠪᠠᠷᠢᠯᠳᠤᠭᠠᠨ ᠳᠠᠭᠠᠨ 74 ᠳ᠋ᠡᠬᠢ ᠠᠪᠤᠷᠭᠤ ᠰᠢ · ᠪᠢᠮᠪᠠᠰᠦ᠋ᠷᠦᠩ ᠳᠤ ᠡᠪᠦᠳᠦᠭ ᠰᠢᠷᠤᠢᠳᠠᠵᠠᠢ ᠃ ᠭᠡᠰᠡᠨ ᠴᠤ ᠲᠡᠷᠡ ᠶᠤᠺᠤᠽᠤᠨᠠ ᠶᠢᠨ ᠪᠣᠯᠵᠣᠯ ᠢ ᠳᠠᠪᠠᠭᠤᠯᠤᠨ ᠪᠡᠶᠡᠯᠡᠭᠦᠯᠦᠭ᠍ᠰᠡᠨ ᠤᠴᠢᠷ ᠠᠴᠠ ᠰᠦᠮᠣ᠋ ᠶᠢᠨ 75 ᠳ᠋ᠡᠬᠢ ᠠᠪᠤᠷᠭᠤ ᠪᠣᠯᠬᠤ ᠨᠢ ᠲᠣᠳᠤᠷᠬᠠᠶ ᠪᠣᠯᠪᠠ ᠃