ᠹᠷᠠᠨᠼᠢ ᠶᠢᠨ ᠮᠠᠷᠰᠧᠯ ᠬᠣᠲᠠ ᠳᠤ ᠪᠣᠯᠣᠭᠰᠠᠨ ᠰᠠᠭᠰᠤᠨ ᠪᠥᠮᠪᠥᠭᠡ ᠶᠢᠨ 3 * 3 ᠲᠥᠷᠥᠯ ᠤᠨ ᠡᠮᠡᠭ᠍ᠲᠡᠢᠴᠦᠳ ᠤᠨ ᠴᠤᠪᠤᠷᠠᠯ ᠲᠡᠮᠡᠴᠡᠭᠡᠨ ᠳᠤ 《 ᠤᠯᠠᠭᠠᠨᠪᠠᠭᠠᠲᠤᠷ ᠠᠮᠠᠽᠤᠨᠠᠰ》ᠪᠠᠭ ᠭᠤᠷᠪᠠᠳᠤᠭᠠᠷ ᠪᠠᠢᠷᠢ ᠡᠵᠡᠯᠡᠵᠡᠢ᠃ ᠲᠡᠮᠡᠴᠡᠭᠡᠨ ᠳᠤ ᠮᠠᠨ ᠤ ᠤᠯᠤᠰ ᠠᠴᠠ ᠠᠩᠬ᠎ᠠ ᠤᠳᠠᠭ᠎ᠠ 《 ᠤᠯᠠᠭᠠᠨᠪᠠᠭᠠᠲᠤᠷ ᠠᠮᠠᠽᠤᠨᠠᠰ》᠂《ᠮᠤᠩᠭᠤᠯᠢᠶᠠ》 ᠭᠡᠰᠡᠨ ᠬᠣᠶᠠᠷ ᠪᠠᠭ ᠣᠷᠣᠯᠴᠠᠪᠠ᠃ ᠲᠡᠳᠡ ᠬᠡᠰᠡᠭ ᠦᠨ ᠱᠠᠲᠤᠨ ᠳᠤ ᠹᠢᠯᠢᠫᠢᠠ ᠶᠢ 19:16᠂ ᠨᠤᠳᠦᠬ ᠨᠢᠭᠡᠲᠦ 《ᠮᠤᠩᠭᠤᠯᠢᠶᠠ》 ᠶᠢ 16:8 ᠪᠠᠷ ᠬᠣᠵᠢᠵᠤ᠂ ᠰᠢᠪᠦᠭᠡ ᠶᠢᠨ ᠨᠠᠢ᠍ᠮᠠ ᠳᠤ ᠬᠠᠩᠭᠠᠷᠢ ᠶᠢᠨ ᠪᠠᠭ ᠢ ᠪᠠᠭᠤᠯᠭᠠᠨ ᠠᠪᠴᠤ᠂ ᠬᠠᠭᠠᠰ ᠰᠢᠭ᠍ᠰᠢᠭᠡ ᠳᠦ ᠰᠢᠯᠭᠠᠷᠠᠵᠠᠢ᠃ ᠡᠨᠡ ᠱᠠᠲᠤᠨ ᠳᠤ 2024 ᠣᠨ ᠤ ᠡᠸᠦ᠋ᠷᠦᠫᠡ ᠶᠢᠨ ᠠᠪᠤᠷᠭᠤ᠂ ᠫᠠᠷᠢᠰ ᠤᠨ ᠤᠯᠢᠮᠫᠢᠺ ᠤᠨ ᠮᠥᠩᠭᠥᠨ ᠮᠧᠲᠠᠯᠲᠤ ᠢᠰᠫᠠᠨᠢ ᠶᠢᠨ ᠪᠠᠭ ᠲᠤ ᠢᠯᠠᠭᠳᠠᠪᠠ᠃ ᠢᠩᠭᠢᠭᠡᠳ ᠭᠤᠷᠪᠠᠨ ᠬᠣᠵᠢᠯ᠂ ᠨᠢᠭᠡ ᠬᠣᠵᠢᠭ᠌ᠳᠠᠯ ᠲᠠᠢ ᠪᠠᠷ ᠭᠤᠷᠪᠠᠳᠤᠭᠠᠷ ᠪᠠᠢᠷᠢ ᠳᠤ ᠰᠢᠯᠭᠠᠷᠠᠵᠤ ᠂ 8000 ᠳ᠋ᠣᠯᠯᠠᠷ ᠤᠨ ᠡᠵᠡᠨ ᠪᠣᠯᠣᠯ᠎ᠠ ᠃
《ᠤᠯᠠᠭᠠᠨᠪᠠᠭᠠᠲᠤᠷ ᠠᠮᠠᠽᠤᠨᠠᠰ》 ᠤᠨ ᠪᠦᠷᠢᠯᠳᠦᠬᠦᠨ ᠳᠤ ᠪ∙ᠠᠷᠢᠭᠤᠨᠴᠡᠴᠡᠭ᠂ ᠣ· ᠬᠤᠯᠠᠨ᠂ ᠨ· ᠨᠠᠨᠳᠢᠨᠬᠦ᠋ᠰᠡᠯ ᠂ ᠪ ∙ ᠪᠣᠯᠣᠷᠡᠷᠳᠡᠨᠢ ᠪᠠᠭᠲᠠᠵᠠᠢ