ᠡᠮᠦᠨᠡᠳᠦ ᠰᠣᠯᠤᠩᠭᠤᠰ ᠤᠨ ᠴᠡᠬ ᠠᠭᠤᠷ ᠤᠨ ᠭᠠᠵᠠᠷ ᠠᠴᠠ ᠵᠠᠷᠯᠠᠭᠰᠠᠨ ᠭᠠᠳᠠᠭᠠᠳᠤ ᠶᠢᠨ ᠴᠡᠬ ᠠᠭᠤᠷᠴᠢᠳ ᠤᠨ ᠺᠦᠷᠰ ᠢ ᠮᠣᠩᠭᠣᠯ᠂ ᠯᠠᠦ᠋ᠰ ᠂ ᠸᠢᠶᠧᠲᠨᠡᠮ᠂ ᠢᠨᠳᠣᠨ᠋ᠸᠽ᠂ ᠹᠢᠯᠢᠫᠢᠨ ᠤ 14 ᠴᠡᠬ ᠠᠭᠤᠷᠴᠢ ᠰᠤᠷᠴᠤ ᠲᠡᠭᠦᠰᠦᠭ᠍ᠰᠡᠨ ᠲᠤᠬᠠᠢ《Chosun Daily》ᠰᠣᠨᠢᠨ ᠮᠡᠳᠡᠭᠡᠯᠡᠯ᠎ᠡ᠃ ᠰᠤᠷᠭᠠᠯᠲᠠ ᠰᠸᠦ᠋ᠯ ᠬᠣᠲᠠ ᠳᠤ ᠡᠨᠡ ᠰᠠᠷ᠎ᠠ ᠶᠢᠨ 12 ᠡᠴᠡ ᠡᠬᠢᠯᠡᠭᠡᠳ 14 ᠬᠣᠨᠣᠭ ᠤᠨ ᠲᠤᠷᠰᠢ ᠦᠷᠭᠦᠯᠵᠢᠯᠡᠭ᠍ᠰᠡᠨ ᠪᠠᠢᠨ᠎ᠠ᠃
ᠡᠮᠦᠨᠡᠳᠦ ᠰᠣᠯᠤᠩᠭᠤᠰ ᠤᠨ ᠴᠡᠬ ᠠᠭᠤᠷ ᠤᠨ ᠭᠠᠵᠠᠷ ᠨᠢ ᠣᠯᠠᠨ ᠤᠯᠤᠰ ᠤᠨ ᠬᠠᠮᠲᠤ ᠶ᠋ᠢᠨ ᠬᠥᠭ᠍ᠵᠢᠯ ᠤᠨ ᠲᠥᠰᠥᠯ ᠦᠨ ᠬᠦᠷᠢᠶᠡᠨ ᠳᠤ ᠡᠢᠮᠦ ᠰᠤᠷᠭᠠᠯᠲᠠ ᠶᠢ 1998 ᠣᠨ ᠠᠴᠠ ᠬᠤᠢᠢᠰᠢ ᠣᠷᠣᠨ ᠣᠷᠣᠨ ᠤ ᠮᠡᠷᠭᠡᠵᠢᠯᠲᠡᠳ ᠲᠦ ᠣᠷᠣᠬᠣ ᠪᠣᠯᠵᠠᠢ᠃ ᠦᠨᠭᠭᠡᠷᠡᠭ᠍ᠰᠡᠠ ᠬᠤᠭᠤᠴᠠᠭᠠᠨ ᠳᠤ 98 ᠣᠷᠣᠨ ᠤ 1500 ᠭᠠᠷᠦᠢ ᠴᠡᠬ ᠠᠭᠤᠷᠴᠢ ᠲᠤᠰ ᠺᠦᠷᠰ ᠢ ᠲᠡᠭᠦᠰᠦᠭ᠍ᠰᠡᠨ ᠪᠥᠭᠡᠳ 2015 ᠣᠨ ᠳᠤ ᠳᠡᠯᠡᠬᠡᠢ ᠶᠢᠨ ᠴᠡᠬ ᠠᠭᠤᠷ ᠤᠨ ᠪᠠᠢᠭᠤᠯᠤᠯᠭ᠎ᠠ ᠠᠴᠠ ᠡᠮᠦᠨᠡᠳᠦ ᠰᠣᠯᠣᠩᠭᠣᠰ ᠢ ᠪᠦᠰᠡ ᠶᠢᠨ ᠰᠤᠷᠭᠠᠯᠲᠠ ᠶᠢᠨ ᠲᠥᠪ ᠪᠣᠯᠭᠠᠭᠰᠠᠨ ᠠᠵᠠᠢ ᠃