ᠣᠯᠠᠨ ᠤᠯᠤᠰ ᠤᠨ《National Geographic Society》︵NGS︶ᠪᠠᠢᠭᠤᠯᠤᠯᠭ᠎ᠠ ᠠᠴᠠ 2025 ᠣᠨ ᠤ ᠵᠠᠯᠠᠭᠤ ᠰᠤᠳᠤᠯᠤᠭᠠᠴᠢᠳ ᠤᠨ ᠬᠦᠲᠦᠯᠪᠦᠷᠢ ᠳᠦ ᠰᠢᠯᠢᠳᠡᠭ ᠢᠶᠡᠷ ᠰᠢᠯᠭᠠᠷᠠᠭᠰᠠᠨ 15 ᠬᠥᠮᠥᠨ ᠢ ᠲᠠᠨᠢᠯᠴᠠᠭᠤᠯᠤᠯ᠎ᠠ᠃ ᠲᠡᠷᠡ ᠳᠤᠮᠳᠠ ᠮᠠᠨ ᠤ ᠤᠯᠤᠰ ᠠᠴᠠ ᠡᠻᠣᠯᠣᠭᠢᠴᠢ ᠴ∙ ᠪᠠᠶᠠᠷᠮ᠎ᠠ ᠪᠠᠭᠲᠠᠵᠠᠢ ᠃
ᠲᠡᠷᠡ ᠪᠡᠷ ᠮᠣᠩᠭᠣᠯ ᠤᠨ ᠵᠡᠷᠯᠢᠭ ᠠᠮᠢᠳᠡᠠ ᠬᠠᠮᠡᠭᠠᠯᠡᠬᠤ ᠰᠤᠳᠤᠯᠬᠤ ᠲᠥᠪ ᠲᠤ ᠠᠵᠢᠯᠯᠠᠵᠤ᠂ ᠬᠥᠳᠡᠭᠡ ᠶᠢᠨ ᠮᠠᠯᠴᠢᠳ ᠲᠠᠢ ᠬᠠᠮᠲᠤᠷᠠᠵᠤ᠂ ᠴᠣᠬᠤᠷ ᠢᠷᠪᠢᠰ᠂ ᠬᠤᠯᠠᠨ᠂ ᠲᠠᠬᠢ ᠵᠡᠷᠭᠡ ᠬᠤᠪᠦᠷ ᠠᠮᠢᠲᠠᠳ ᠢ ᠬᠠᠮᠡᠭᠠᠯᠡᠬᠤ ᠠᠵᠢᠯ ᠳᠤ ᠭᠠᠷ ᠪᠡᠶ᠎ᠠ ᠣᠷᠣᠯᠴᠠᠵᠤ ᠶᠠᠪᠤᠭ᠎ᠠ ᠨᠢᠭᠡᠨ ᠪᠢᠯᠡ᠃ ᠰᠤᠳᠤᠯᠤᠭᠠᠴᠢ ᠴ∙ ᠪᠠᠶᠠᠷᠮ᠎ᠠ ᠨᠢ 2023 ᠣᠨ ᠳᠤ ᠬᠢᠭ᠍ᠰᠡᠨ ᠪᠥᠬᠥᠩ ᠦᠨ ᠢᠳᠡᠰᠢ ᠲᠡᠵᠢᠭᠡᠯ ᠤᠨ ᠰᠤᠳᠤᠯᠭ᠎ᠠ ᠪᠠᠷ ᠢᠶᠠᠨ ᠣᠯᠠᠨ ᠤᠯᠤᠰ ᠠᠴᠠ ᠲᠡᠳᠬᠦᠯᠭᠡ ᠬᠦᠷᠲᠡᠵᠦ ᠪᠠᠢᠵᠠᠢ᠃