ᠬᠠᠮᠠᠭᠠᠯᠠᠭᠰᠠᠨ ᠪᠤᠯᠠᠭ ᠤᠨ ᠤᠷᠤᠰᠬᠠᠯ ᠢ ᠲᠦᠰᠢᠭ᠍ᠯᠡᠵᠦ ᠬᠥᠪ ᠴᠥᠭᠥᠷᠥᠮ ᠪᠠᠢᠭᠤᠯᠤᠨ᠎ᠠ | News.MN

ᠬᠠᠮᠠᠭᠠᠯᠠᠭᠰᠠᠨ ᠪᠤᠯᠠᠭ ᠤᠨ ᠤᠷᠤᠰᠬᠠᠯ ᠢ ᠲᠦᠰᠢᠭ᠍ᠯᠡᠵᠦ ᠬᠥᠪ ᠴᠥᠭᠥᠷᠥᠮ ᠪᠠᠢᠭᠤᠯᠤᠨ᠎ᠠ

ᠭᠣᠪᠢ ᠠᠯᠲᠠᠢ ᠠᠢᠮᠠᠭ ᠲᠤ ᠪᠤᠯᠠᠭ ᠤᠨ ᠤᠷᠤᠰᠬᠠᠯ ᠢ ᠲᠦᠰᠢᠭ᠍ᠯᠡᠵᠦ ᠬᠥᠪ ᠴᠥᠭᠥᠷᠥᠮ ᠪᠡᠢᠭᠤᠯᠬᠤ ᠠᠵᠢᠯ ᠢ ᠡᠬᠢᠯᠡᠭᠦᠯᠵᠡᠢ ᠃ ᠤᠷᠤᠰᠬᠠᠯ ᠨᠢ ᠰᠠᠢᠵᠢᠷᠠᠭᠰᠠᠨ ᠪᠤᠯᠠᠭ ᠢ ᠲᠦᠰᠢᠭ᠍ᠯᠡᠵᠦ ᠵᠢᠵᠢᠭ ᠤᠰᠤᠨ ᠰᠠᠩ᠂ ᠬᠥᠪ ᠴᠥᠭᠥᠷᠥᠮ ᠪᠡᠢᠭᠤᠯᠬᠤ ᠣᠪᠣᠭᠠᠲᠤ ᠶᠢᠨ ᠪᠤᠯᠠᠭ ᠤᠨ ᠬᠡᠭᠡᠷ᠎ᠡ ᠶᠢᠨ ᠰᠤᠷᠭᠠᠯᠲᠠ ᠶᠢ ᠲᠠᠪᠤᠳᠤᠭᠠᠷ ᠰᠠᠷ᠎ᠠ ᠶᠢᠨ 21  ᠳᠤ ᠵᠣᠬᠢᠶᠠᠨ ᠪᠠᠢᠭᠤᠯᠤᠯ᠎ᠠ᠃

ᠳᠠᠷᠪᠢ ᠂ ᠰᠢᠷᠭ᠎ᠠ ᠰᠤᠮᠤ ᠶᠢᠨ ᠵᠡᠭᠠᠬ ᠨᠤᠲᠤᠭ ᠲᠤ ᠣᠷᠤᠰᠢᠬᠤ ᠣᠪᠣᠭᠠᠲᠤ ᠶᠢᠨ ᠪᠤᠯᠠᠭ ᠤᠨ ᠡᠬᠢ ᠶᠢᠨ ᠬᠠᠰᠢᠶ᠎ᠠ ᠬᠠᠮᠠᠭᠠᠯᠠᠯᠲᠠ ᠶᠢ ᠳᠡᠯᠡᠬᠡᠢ ᠶᠢᠨ ᠪᠠᠢᠭᠠᠯᠢ ᠬᠠᠮᠡᠭᠠᠯᠡᠬᠤ ᠰᠠᠩ ᠰᠢᠨ᠎ᠡ ᠵᠠᠭᠪᠤᠷ ᠤᠨ ᠬᠠᠰᠢᠶ᠎ᠠ ᠪᠠᠷ ᠰᠢᠨᠡᠴᠢᠯᠡᠬᠦ ᠠᠵᠢᠯ ᠢ ᠨᠤᠲᠤᠭ ᠤᠨ ᠢᠷᠭᠡᠳ ᠲᠠᠢ ᠬᠠᠮᠲᠤᠷᠠᠨ ᠬᠢᠨ᠎ᠡ ᠃ ᠮᠥᠨ ᠣᠪᠣᠭᠠᠲᠤ ᠶᠢᠨ ᠪᠤᠯᠠᠭ ᠤᠨ ᠤᠷᠤᠰᠬᠠᠯ ᠤᠨ ᠳᠠᠭᠠᠤ ᠭᠠᠵᠠᠷ ᠤᠨ ᠲᠣᠭᠲᠠᠴᠠ ᠶᠢᠨ ᠣᠨᠴᠠᠯᠢᠭ ᠢ ᠠᠰᠢᠭ᠌ᠯᠠᠵᠤ ᠮᠠᠯ ᠤᠮᠳᠠᠭᠠᠯᠠᠬᠤ ᠵᠣᠷᠢᠭᠤᠯᠤᠯᠲᠠ ᠲᠠᠢ 3 ᠵᠢᠵᠢᠭ ᠴᠥᠭᠥᠷᠥᠮ᠂ ᠪᠤᠯᠠᠭ ᠤᠨ ᠬᠥᠯ ᠳᠤ 50  ᠮᠧᠲᠷ ᠣᠷᠴᠢᠮ ᠦᠷᠭᠡᠠ ᠂ 2 ᠮᠧᠲᠷ ᠥᠨᠳᠥᠷ ᠲᠠᠢ ᠰᠢᠷᠤᠢ ᠶᠢᠨ ᠳᠠᠯᠠᠩ ᠪᠦᠬᠦᠢ ᠬᠥᠪ ᠪᠡᠢᠭᠤᠯᠬᠤ  ᠶᠤᠮ ᠪᠠᠢᠨ᠎ᠠ ᠃

ᠰᠡᠳᠬᠢᠭᠳᠡᠯ ᠦᠯᠡᠳᠡᠭᠡᠬᠦ