ᠪᠠᠭᠠᠨᠠᠭᠤᠷ ᠤᠨ ᠪᠠᠲ᠋ᠠᠷᠧᠢ ᠬᠤᠷᠠᠮᠲᠤᠯᠠᠭᠤᠷ ᠤᠨ ᠰᠲ᠋ᠠᠨᠼ 2024 ᠣᠨ ᠤ 12 ᠳ᠋ᠤᠭᠠᠷ ᠰᠠᠷ᠎ᠠ ᠠᠴᠠ ᠡᠬᠢᠯᠡᠨ ᠲᠠᠪᠤᠨ ᠰᠠᠷ᠎ᠠ ᠶᠢᠨ ᠬᠤᠭᠤᠴᠠᠭᠠᠨ ᠳᠤ ᠲᠥᠪ ᠦᠨ ᠪᠦᠰᠡ ᠶᠢᠨ ᠨᠢᠭᠡᠳᠦᠭ᠍ᠰᠡᠨ ᠰᠢᠰᠲ᠋ᠧᠮ ᠳᠤ 28.7 ᠰᠠᠶ᠎ᠠ ᠺᠢᠯᠣᠸᠠᠲ ᠡᠷᠴᠢᠮ ᠬᠦᠴᠦ ᠶᠢ ᠨᠡᠢᠯᠡᠭᠦᠯᠵᠡᠢ ᠃
《ᠤᠯᠠᠭᠠᠨᠪᠠᠭᠠᠲᠤᠷ ᠡᠨᠧᠷᠭᠢ》ᠺᠣᠮᠫᠠᠨᠢ ᠶᠢᠨ ᠭᠦᠢᠴᠡᠳᠬᠡᠬᠦ ᠵᠠᠬᠢᠷᠤᠯ ᠰ ∙ᠬᠦᠷᠡᠯᠰᠦ᠋ᠬᠡ ᠶᠠᠷᠢᠬᠤ ᠳᠤ ᠪᠠᠨ ᠄ ᠮᠠᠨ ᠤ ᠰᠲ᠋ᠠᠨᠼ ᠰᠥᠨᠢ ᠬᠡᠷᠡᠭ᠍ᠯᠡᠭᠡ ᠪᠡᠭ᠎ᠠ ᠦᠶ᠎ᠡ ᠳᠤ ᠢᠯᠡᠭᠦᠳᠡᠯ ᠡᠷᠴᠢᠮ ᠬᠦᠴᠦ ᠶᠢ ᠬᠤᠷᠠᠮᠳᠤᠭᠤᠯᠤᠭᠠᠳ ᠡᠳᠦᠷ ᠦᠨ ᠤᠷᠬᠢᠯ ᠠᠴᠢᠶᠠᠯᠠᠯ ᠤᠨ ᠦᠶ᠎ᠡ ᠪᠠᠷ ᠨᠡᠢᠯᠡᠭᠦᠯᠵᠦ᠂ ᠡᠷᠴᠢᠮ ᠬᠦᠴᠦᠨ ᠤ ᠴᠢᠳᠠᠯ ᠤᠨ ᠲᠣᠬᠢᠷᠠᠭᠤᠯᠭ᠎ᠠ ᠬᠢᠳᠡᠭ᠃ ᠪᠠᠲ᠋ᠠᠷᠧᠢ ᠬᠤᠷᠠᠮᠲᠤᠯᠠᠭᠤᠷ ᠤᠨ ᠰᠲ᠋ᠠᠨᠼ ᠰᠢᠨᠡᠯᠢᠭ ᠪᠠᠰᠠ ᠦᠷ᠎ᠡ ᠠᠰᠢᠭ ᠲᠠᠢ᠃ ᠲᠧᠭ᠍ᠨᠢᠭ ᠤᠨ ᠨᠥᠬᠥᠴᠡᠯ ᠢᠶᠡᠨ ᠰᠢᠢᠳᠦᠭ᠍ᠰᠡᠨ ᠪᠠᠢᠬᠤ ᠳᠤ ᠪᠡᠷᠢᠬᠤ ᠦᠢᠯᠡ ᠶᠠᠪᠤᠴᠠ ᠬᠤᠷᠳᠦᠠ᠃ ᠤᠷᠬᠢᠯ ᠪᠤᠯᠦᠠ ᠪᠡᠭ᠎ᠠ ᠠᠴᠢᠶᠠᠯᠠᠯ ᠤᠨ ᠬᠤᠭᠤᠷᠦᠡᠳᠦ ᠭᠠᠷᠳᠠᠭ 300-400 мвт ᠡᠷᠴᠢᠮ ᠬᠦᠴᠦᠨ ᠤ ᠵᠥᠷᠢᠶ᠎ᠡ ᠶᠢ ᠬᠤᠷᠠᠮᠳᠤᠭᠤᠯᠵᠤ ᠠᠰᠢᠭ᠌ᠯᠠᠬᠤ ᠪᠣᠯᠣᠮᠵᠢ ᠲᠠᠢ᠃ ᠪᠢᠳᠡ ᠵᠠᠰᠠᠪᠤᠷᠢ᠂ ᠦᠢᠯᠡᠴᠢᠯᠡᠭᠡ ᠶᠢ ᠪᠡᠶ᠎ᠡ ᠳᠠᠭᠠᠭᠠᠨ ᠬᠠᠷᠢᠭᠤᠴᠠᠵᠤ᠂ ᠰᠢᠨ᠎ᠡ ᠰᠲ᠋ᠠᠨᠼ ᠤᠨ ᠦᠷ᠎ᠡ ᠰᠢᠮ᠎ᠡ ᠂ ᠲᠤᠷᠰᠢᠯᠭ᠎ᠠ ᠪᠠᠨ ᠦᠯᠡᠳᠡᠭᠡᠭᠡᠳ᠂ ᠢᠨᠵᠧᠨᠧᠷ᠂ ᠠᠵᠢᠯᠴᠢᠳ ᠢᠶᠠᠨ ᠴᠤ ᠥᠪᠡᠷᠰᠡᠳ ᠢᠶᠠᠨ ᠪᠡᠯᠡᠳᠬᠡᠳᠡᠭ ᠭᠡᠪᠡ᠃ ᠪᠠᠲ᠋ᠠᠷᠧᠢ ᠬᠤᠷᠠᠮᠲᠤᠯᠠᠭᠤᠷ ᠤᠨ ᠰᠲ᠋ᠠᠨᠼ ᠡᠨᠡ ᠰᠠᠷ᠎ᠠ ᠶᠢᠨ 15 ᠡᠴᠡ ᠵᠤᠨ ᠤ ᠪᠤᠶᠤ ᠪᠡᠭ᠎ᠠ ᠠᠴᠢᠶᠠᠯᠠᠯ ᠤᠨ ᠭᠣᠷᠢᠮ ᠳᠤ ᠰᠢᠯᠵᠢᠨ ᠠᠵᠢᠯᠯᠠᠵᠤ ᠪᠡᠢᠨ᠎ᠡ ᠃